ᠢᠮᠠᠭᠠᠨ ᠤ ᠪᠤᠳᠤᠯᠭᠠᠰᠢᠷᠠᠯ

ᠢᠮᠠᠭ᠎ᠠ ᠭᠡᠳᠡᠭ᠌ ᠴᠢᠨᠢ ᠬᠠᠢ᠌ᠷᠯᠠᠯᠳᠠᠢ ᠮᠥᠷᠳᠡᠭᠡᠨ ᠣᠷᠤᠰᠤᠯᠳᠠᠢ ᠠᠳᠤᠭᠤᠰᠤ᠂

ᠶ‍ᠢᠷᠳᠢᠠᠴᠤ ᠶᠢᠨ ᠭᠡᠪᠴᠢᠶᠡᠨ ᠳᠤ ᠬᠠᠮᠤᠭ ᠡᠴᠡ ᠢᠯᠡᠭᠦᠤ ᠰᠢᠳᠤᠷᠭᠤ ᠠᠮᠢᠳᠠᠨ᠂

ᠠᠰᠢᠭ ᠣᠯᠤᠭᠤᠯᠤᠨ ᠪᠠᠶᠠᠵᠢᠭᠤᠯᠬᠤ ᠶᠢ ᠨᠢ ᠪᠣᠳᠤᠪᠠᠯ ᠬᠠᠢ᠌ᠷᠠᠯᠠᠳᠠᠭ ᠪᠣᠯᠪᠠᠴᠤ᠂

ᠠᠳᠠᠷ ᠭᠠᠵᠠᠷ ᠡᠯᠡᠰᠦᠷᠭᠡᠭ᠍ᠵᠢᠭ᠍ᠰᠡᠨ ᠢ ᠦᠵᠡᠪᠠᠯ ᠬᠤᠷᠤᠰᠬᠤ ᠪᠣᠯᠤᠨ᠎ᠠ᠃

ᠶᠠᠭᠠᠷᠠᠭᠰᠠᠨ ᠦᠶ᠎ᠡ ᠳᠤ ᠢᠮᠠᠭ᠎ᠠ ᠳᠡᠵᠢᠭᠡᠪᠠᠯ ᠶᠡᠭᠡ ᠠᠰᠢᠭ ᠲᠡᠶ ᠰᠢᠭ ᠰᠠᠨᠠᠭᠳᠠᠨ᠎ᠠ᠂

ᠶᠠᠩᠵᠤ ᠶᠢ ᠨᠢ ᠳᠠᠭᠠᠷᠠᠭᠤᠯᠪᠠᠯ ᠡᠯᠳᠡᠪ ᠣᠷᠤᠯᠭ᠎ᠠ ᠳᠠᠷᠠᠭ᠎ᠠ ᠳᠠᠷᠠᠭ᠎ᠠ ᠪᠠᠷ ᠢᠷᠠᠨ᠎ᠠ᠂

ᠶᠡᠭᠡ ᠰᠤᠷᠭᠠᠭᠤᠯᠢ ᠶᠢᠨ ᠰᠤᠷᠤᠭᠴᠢ ᠶᠢ ᠴᠢᠨᠢ ᠶᠠᠷᠠᠨ ᠢᠮᠠᠭ᠎ᠠ ᠪᠣᠯ ᠳᠡᠭᠦᠰᠭᠡᠴᠢᠭᠡᠨ᠎ᠡ᠂

《ᠶᠠᠯ᠎ᠠ ᠨᠢᠭᠦᠯ》 ᠲᠡᠶ ᠠᠪᠣ ᠡᠵᠢ ᠡᠴᠡ ᠨᠢ ᠭᠠᠪᠢᠶ᠎ᠠ ᠵᠢᠦᠡᠭᠦᠯ ᠲᠡᠶ ᠪᠣᠳᠤᠭᠳᠠᠨ᠎ᠠ᠃

ᠡᠪᠠᠰᠤᠨ ᠡᠮ ᠢ ᠡᠷᠢᠵᠤ ᠢᠳᠡᠭᠡᠤᠨ ᠰᠡᠷᠭᠡᠢ᠌ᠯᠡᠯᠳᠡ ᠶᠢᠨ ᠳᠠᠷᠢᠯᠭ᠎ᠠ ᠭᠢᠨ᠎ᠠ᠂

ᠣᠰᠤᠨ ᠤ ᠳᠤᠩᠭ᠋ᠠᠯᠠᠭ ᠢ ᠰᠤᠩᠭ᠋ᠤᠵᠤ ᠣᠤᠭᠤᠭᠠᠤᠨ ᠠᠭᠤᠷᠬᠠᠢ ᠶᠢᠨ ᠡᠯᠧᠮᠧᠨ᠋ᠲ ᠢ ᠠᠭᠤᠰᠬᠠᠨ᠎ᠠ᠂

ᠣᠷᠭᠤᠮᠠᠯ ᠡᠪᠠᠰᠤ ᠶᠢ ᠰᠢᠯᠢᠨ ᠭᠦᠶ‍ᠦᠵᠤ ᠹᠢᠽᠢᠤᠯᠤᠭᠢ ᠶᠢᠨ ᠭᠡᠷᠡᠭ᠍ᠴᠡᠭᠡ ᠪᠠᠨ ᠨᠥᠭᠦᠪᠦᠷᠢᠯᠡᠨ᠎ᠡ᠂

ᠡᠯᠳᠡᠪ ᠤᠨ ᠡᠪᠠᠦᠡᠴᠢᠨ ᠢ ᠦᠪᠠᠰᠤᠪᠠᠨ ᠵᠠᠰᠠᠭᠠᠤᠨ ᠡᠵᠡᠨ ᠤ ᠪᠠᠨ ᠪᠣᠶᠠᠨ ᠢ ᠪᠠᠳᠤᠯᠠᠨ᠎ᠠ᠃

ᠬᠤᠷ᠎ᠠ ᠪᠣᠷᠤᠭᠠᠨ ᠡᠯᠪᠠᠭ᠌ ᠵᠢᠯ ᠴᠤ ᠳᠠᠷᠭᠤᠯᠠᠬᠤ ᠪᠠᠷ ᠦᠭᠡᠶ᠂

ᠬᠠᠭᠰᠠᠷᠭᠠᠨ ᠭᠠᠩ ᠲᠡᠶ ᠵᠢᠯ ᠪᠣᠯᠪᠠᠴᠤ ᠳᠤᠷᠠᠬᠤ ᠪᠠᠷ ᠦᠭᠡᠶ᠂

ᠬᠠᠯᠢᠭᠠᠨ᠎ᠠ ᠠᠭᠢ ᠲᠡᠶ ᠪᠠᠯᠴᠢᠭᠡᠷ ᠪᠣᠯᠪᠠᠴᠤ ᠳᠤᠭᠳᠠᠬᠤ ᠪᠠᠷ ᠦᠭᠡᠶ᠂

ᠬᠠᠯᠵᠠᠭᠠᠢ ᠣᠯᠠᠭᠠᠨ ᠮᠠᠩᠬᠠᠨ ᠳᠤ ᠪᠣᠯᠪᠠᠴᠤ ᠭᠤᠯᠤᠬᠤ ᠪᠠᠷ ᠦᠭᠡᠶ᠃

ᠶ‍ᠢᠰᠤᠨ ᠤ ᠭᠦᠢᠳᠡᠨ ᠳᠤ ᠪᠣᠯᠪᠠᠴᠤ ᠵᠢᠪᠠᠷ ᠢ ᠰᠦᠷᠤᠵᠤ ᠭᠡᠪᠳᠡᠨ᠎ᠡ᠂

ᠡᠷᠭᠢ ᠮᠠᠩᠬᠠᠨ ᠳᠤ ᠪᠣᠯᠪᠠᠴᠤ ᠭᠦᠶ‍ᠦᠵᠤ ᠪᠠᠢ᠌ᠭᠠᠤᠨ ᠳᠦᠯᠯᠠᠨ᠎ᠠ᠂

ᠴᠠᠰᠤ ᠮᠦᠰᠤᠨ ᠳᠤ ᠪᠣᠯᠪᠠᠴᠤ ᠮᠠᠯᠳᠠᠵᠤ ᠪᠠᠢ᠌ᠭᠠᠤᠨ ᠢᠳᠠᠰᠢᠯᠠᠨ᠎ᠠ᠂

ᠴᠢᠩᠭ᠋᠎ᠠ ᠬᠠᠭᠰᠠᠷᠭᠠᠨ ᠳᠤ ᠪᠣᠯᠪᠠᠴᠤ ᠳᠠᠰᠪᠣᠷᠢᠯᠠᠵᠤ ᠪᠠᠢ᠌ᠭᠠᠤᠨ ᠥᠩᠭᠡᠷᠡᠨ᠎ᠡ᠃

ᠮᠢᠬ᠎ᠠ ᠳᠤᠰᠤ ᠨᠢ ᠦᠨᠦᠷ ᠲᠡᠶ ᠪᠣᠯᠪᠠᠴᠤ 《ᠨᠤᠭᠤᠭᠠᠨ》 ᠢᠳᠡᠭᠡᠨ

ᠮᠠᠯᠳᠠᠭᠰᠠᠨ ᠨᠤᠤᠯᠤᠷ ᠨᠢ ᠰᠢᠩᠭᠡᠭ᠌ ᠪᠣᠯᠪᠠᠴᠤ ᠳᠤᠯᠠᠭᠠᠨ ᠬᠠᠠᠳᠠᠭᠠᠵᠠ

ᠡᠯᠳᠡᠭ᠍ᠰᠡᠨ ᠠᠷᠠᠰᠤ ᠨᠢ ᠨᠢᠮᠭᠡᠨ ᠪᠣᠯᠪᠠᠴᠤ ᠡᠪᠳᠡᠢ ᠵᠤᠪᠴᠠᠭ᠎ᠠ

ᠡᠨᠡ ᠪᠠᠶ᠎ᠠ ᠪᠠᠷ ᠶᠢᠡᠨ ᠡᠷᠳᠡᠨᠢ ᠪᠦᠭᠡᠤᠨ ᠡᠳ᠋ ᠠᠭᠤᠷᠠᠰᠤ᠃

ᠡᠰᠡᠷᠸ᠎ᠡ ᠳᠡᠭ᠍ᠷᠢ ᠡᠴᠡ ᠦᠷᠦᠰᠢᠶᠠᠨ ᠰᠤᠶᠤᠷᠬᠠᠭᠰᠠᠨ 《ᠠᠮᠢᠠᠳᠠᠢ ᠡᠷᠳᠡᠨᠢ》

ᠡᠪ ᠬᠠᠮᠳᠤ ᠨᠠᠮ ᠡᠴᠡ ᠡᠯᠪᠠᠷᠢᠨ ᠬᠠᠢ᠌ᠷᠠᠯᠠᠭᠰᠠᠨ 《ᠲᠦᠷᠦᠯ ᠵᠣᠢ᠌ᠯ》

ᠶᠠᠳᠠᠭᠤ ᠡᠷᠦᠭᠡ ᠡᠴᠡ ᠳᠤᠰᠬᠠᠢ᠌ᠯᠠᠨ ᠡᠳ᠋ᠯᠡᠭ᠍ᠰᠡᠨ 《ᠲᠡᠳᠬᠦᠮᠵᠢ ᠶᠢᠨ ᠪᠣᠳᠠᠰ》

ᠶᠠᠭᠠᠷᠠᠨ ᠪᠠᠶᠠᠵᠢᠭᠤᠯᠬᠤ ᠳᠤ ᠭᠡᠷᠡᠭᠯᠡᠵᠤ ᠪᠣᠯᠬᠤ 《ᠠᠷᠭ᠎ᠠ ᠪᠠᠷᠢᠯ》

ᠢᠳᠡᠭᠦ ᠨᠢ ᠪᠠᠭ᠎ᠠ ᠴᠤ ᠶᠠᠪᠣᠬᠤ ᠨᠢ ᠭᠡᠴᠡᠭᠦᠤ ᠢᠮᠠᠭᠠᠴᠢᠨ ᠢ ᠶᠠᠳᠠᠭᠠᠨ᠎ᠠ᠂

ᠡᠪᠳᠡᠯᠡᠭᠦ ᠨᠢ ᠪᠠᠭ᠎ᠠ ᠴᠤ ᠳᠦᠷᠢ ᠨᠢ ᠮᠠᠭᠤ ᠡᠷᠳᠡᠮᠳᠡᠨ ᠢ ᠬᠤᠷᠤᠰᠬᠠᠨ᠎ᠠ᠂

ᠡᠳᠦᠷ ᠬᠤᠷᠢᠭᠠᠤᠨ ᠰᠦᠨᠢ ᠬᠠᠷᠢᠭᠤᠯᠪᠠᠯ ᠰᠥᠷᠦᠭ᠌ ᠨᠢ ᠭᠡᠭᠡᠭᠡᠤᠨ ᠵᠤᠪᠠᠭᠠᠨ᠎ᠠ᠂

ᠡᠷᠢᠯ ᠳᠤ ᠶᠠᠪᠣᠭᠠᠤᠨ ᠰᠤᠷᠠᠭᠯᠠᠵᠤ ᠴᠢᠳᠠᠬᠤ ᠦᠭᠡᠶ ᠢᠴᠢᠭᠦᠷᠢ ᠭᠦᠷᠦᠭᠡᠤᠨ ᠪᠠᠴᠢᠮᠳᠠᠨ᠎ᠠ᠃

ᠡᠷ᠎ᠡ ᠣᠬᠤᠨ᠎ᠠ ᠨᠢ ᠢᠳᠠᠳᠠᠢ ᠪᠣᠯ ᠢᠭᠢᠷ᠎ᠠ ᠬᠤᠤᠰ ᠶᠢᠡᠷ ᠲᠦᠷᠦᠨ᠎ᠠ᠂

ᠡᠵᠡᠩᠨᠡᠭᠦ ᠢᠮᠠᠭᠠᠴᠢᠨ ᠨᠢ ᠳᠠᠮᠢᠷᠳᠠᠢ ᠪᠣᠯ ᠵᠢᠯ ᠤᠨ ᠬᠤᠶᠠᠷ ᠳᠦᠯᠠᠯᠨ᠎ᠠ᠂

ᠡᠪᠠᠰᠤ ᠪᠣᠷᠳᠤᠭ᠎ᠠ ᠨᠢ ᠭᠦᠢᠴᠡᠳ ᠪᠣᠯ ᠡᠳᠡᠭᠡᠤᠨ ᠪᠠᠳᠤᠯᠠᠭ᠎ᠠ ᠲᠡᠶ ᠡᠪᠦᠯᠵᠢᠭᠡᠨ᠎ᠡ᠂

ᠡᠵᠡᠨ ᠭᠦᠮᠤᠨ ᠨᠢ ᠦᠷᠦᠰᠢᠶᠠᠯ ᠲᠡᠶ ᠪᠣᠯ ᠭᠦᠯᠦᠰᠤᠨ ᠢᠮᠠᠭᠠᠴᠢᠨ ᠵᠢᠦᠡᠭᠦᠨ᠎ᠡ᠃

ᠠᠮᠢ ᠪᠠᠷ ᠶᠢᠡᠨ ᠭᠠᠮᠨᠠᠪᠠᠯ ᠠᠰᠤᠷᠠᠤ ᠰᠢᠳᠤᠷᠭᠤ 《ᠳᠠᠪᠠᠯ》 ᠵᠢᠡᠨ ᠳᠠᠢ᠌ᠯᠤᠨ ᠪᠢᠯᠳᠠᠤᠴᠢᠯᠠᠨ᠎ᠠ᠂

ᠠᠯᠵᠠᠭᠤᠷᠠᠨ ᠬᠤᠷᠢᠪᠠᠯ ᠬᠠᠰᠢᠶ᠎ᠠ ᠪᠠᠨ ᠡᠪᠳᠡᠯᠡᠨ ᠭᠦᠯᠦᠰᠤᠨ ᠢᠮᠠᠭᠠᠴᠢᠨ ᠢ 《ᠳᠤᠷᠤᠮᠵᠢᠯᠠᠨ᠎ᠠ》᠂

ᠠᠷᠠᠴᠢᠯᠠᠨ ᠠᠳᠤᠭᠤᠯᠬᠤ ᠨᠢ ᠰᠠᠢ᠌ᠨ ᠪᠣᠯ ᠢᠮᠠᠭ᠎ᠠ ᠭᠦᠮᠤᠨ ᠢ ᠳᠡᠵᠢᠭᠡᠨ᠎ᠡ᠂

ᠠᠯᠠᠩ ᠰᠠᠯᠠᠩ ᠬᠠᠮᠢᠶᠠᠷᠬᠤ ᠦᠭᠡᠶ ᠪᠣᠯ ᠭᠦᠮᠤᠨ ᠢᠮᠠᠭ᠎ᠠ ᠶᠢ ᠳᠡᠵᠢᠭᠡᠨ᠎ᠡ᠃

ᠳᠦᠷᠦᠭ᠍ᠰᠡᠨ ᠡᠭᠡ ᠳᠡᠭᠡᠨ ᠳᠠᠨᠢᠭᠳᠠᠬᠤ ᠦᠭᠡᠶ ᠪᠣᠯ ᠭᠤᠯᠤᠭᠳᠠᠬᠤ ᠢᠰᠢᠭᠡ ᠨᠢᠭᠡ ᠵᠤᠪᠠᠯᠠᠩ

ᠲᠦᠷᠦ ᠶᠢᠨ ᠪᠣᠳᠤᠯᠭ᠎ᠠ ᠶᠢ ᠳᠦᠭᠦᠭᠡᠷᠭᠦ ᠦᠭᠡᠶ ᠪᠠᠷ ᠬᠤᠷᠢᠭᠳᠠᠬᠤ ᠢᠮᠠᠭ᠎ᠠ ᠨᠢᠭᠡ ᠵᠤᠪᠠᠯᠠᠩ

ᠳᠦᠨᠠᠷ ᠬᠠᠷᠠᠩᠭ᠋ᠤᠢ ᠳᠤ ᠬᠤᠯᠭᠤᠵᠤ ᠠᠳᠤᠭᠤᠯᠬᠤ ᠢᠮᠠᠭᠠᠴᠢᠨ ᠨᠢᠭᠡ ᠵᠤᠪᠠᠯᠠᠩ

ᠳᠦᠪᠠᠭ᠍ᠳᠡᠢ ᠭᠡᠷᠡᠭ᠍ᠵᠢᠭᠦᠯᠤᠨ ᠳᠤᠮᠳᠠ ᠨᠢ ᠵᠢᠮᠡᠯᠡᠭ᠍ᠳᠡᠭᠦ ᠠᠵᠢᠯᠳᠠᠨ ᠨᠢᠭᠡ ᠵᠤᠪᠠᠯᠠᠩ

ᠭᠦᠳᠡᠭᠡ ᠳᠠᠯ᠎ᠠ ᠭᠦᠷᠦᠰᠤ ᠪᠠᠨ ᠣᠷᠪᠠᠭᠤᠯᠤᠭᠳᠠᠵᠤ ᠢᠳᠡᠰᠢᠯᠡᠭᠦ ᠪᠠᠯᠴᠢᠭᠡᠷ ᠴᠢᠨᠢ ᠬᠠᠰᠤᠭᠳᠠᠵᠤ ᠯᠠ ᠪᠠᠢ᠌ᠨ᠎ᠠ᠂

ᠭᠦᠮᠤᠨ ᠡᠵᠡᠨ ᠦᠪᠠᠰᠤᠪᠠᠨ 《ᠭᠦᠷᠢᠮᠳᠡᠵᠤ》 ᠪᠠᠢ᠌ᠭᠠᠯᠢ ᠶᠢᠨ ᠵᠦᠷᠢᠴᠠᠯ ᠨᠡᠮᠡᠭ᠍ᠳᠡᠵᠤ ᠯᠠ ᠪᠠᠢ᠌ᠨ᠎ᠠ᠂

ᠭᠦᠪᠦᠩ ᠰᠢᠭ᠌ ᠨᠤᠤᠰᠤ ᠨᠤᠤᠯᠤᠷ ᠴᠢᠨᠢ ᠠᠯᠳᠠ ᠠᠳᠠᠯᠢ ᠦᠨ᠎ᠡ ᠭᠦᠷᠴᠤ ᠯᠠ ᠪᠠᠢ᠌ᠨ᠎ᠠ᠂

ᠬᠤᠷᠤᠰᠤᠯ ᠪᠣᠯᠤᠨ ᠬᠠᠢ᠌ᠷ᠎ᠠ ᠶᠢᠨ ᠰᠡᠳᠬᠢᠯᠭᠡ ᠳᠡᠵᠢᠭᠡᠭ᠍ᠰᠡᠨ ᠪᠣᠯᠭᠠᠨ ᠳᠤ ᠵᠦᠷᠢᠴᠠᠯᠳᠤᠵᠤ ᠯᠠ ᠪᠠᠢ᠌ᠨ᠎ᠠ᠃

ᠢᠮᠠᠭᠠᠨ ᠰᠥᠷᠦᠭ᠌ ᠴᠢᠨᠢ ᠶᠠᠪᠠ ᠠᠳᠤᠭᠤᠰᠤ ᠥᠭᠡ ᠭᠡᠯᠡᠵᠤ ᠴᠢᠳᠠᠬᠤ ᠦᠭᠡᠶ᠂

ᠶᠠᠰᠤ ᠶᠢ ᠨᠢ ᠭᠡᠮᠡᠯᠢᠵᠤ ᠮᠢᠬ᠎ᠠ ᠶᠢ ᠨᠢ ᠢᠳᠠᠵᠤ ᠨᠤᠤᠯᠤᠷ ᠢ ᠨᠢ ᠬᠤᠳᠠᠯᠳᠤᠨ᠎ᠠ᠂

ᠶ‍ᠢᠷᠳᠢᠠᠴᠤ ᠶᠢ ᠬᠤᠪᠬᠠᠢ᠌ᠷᠠᠭᠤᠯᠤᠭᠰᠠᠨ ᠶᠡᠭᠡ ᠨᠠᠷ᠎ᠠ ᠶᠢ ᠳᠡᠭᠦᠨ ᠤ ᠳᠡᠭᠡᠷ᠎ᠡ ᠨᠥᠮᠦᠷᠭᠡᠵᠤ᠂

ᠶᠠᠯ᠎ᠠ ᠳᠤᠭᠳᠠᠭᠠᠨ ᠬᠤᠭᠤᠴᠠᠭ᠎ᠠ ᠲᠡᠶ ᠬᠤᠷᠢᠬᠤ ᠪᠠᠷ ᠰᠢᠦᠡᠭᠡᠨ ᠳᠤᠷᠭᠤᠭᠠᠨ ᠬᠠᠶᠠᠨ᠎ᠠ᠃

ᠵᠡᠭᠡᠷ᠎ᠡ ᠠᠳᠠᠯᠢ ᠢᠮᠠᠭᠠᠨ ᠰᠥᠷᠦᠭ᠌ ᠰᠢᠳᠤᠷᠭᠤ ᠵᠠᠶᠠᠭᠠᠨ ᠳᠠᠭᠠᠨ ᠭᠤᠮᠤᠳᠠ᠂

ᠵᠡᠷᠭᠡᠪᠠᠷ ᠢᠳᠡᠰᠢᠯᠡᠭᠦ ᠥᠭᠡᠷ ᠤᠨ ᠰᠥᠷᠦᠭ᠌ ᠲᠡᠶ ᠪᠠᠶ᠎ᠠ ᠪᠠᠨ ᠪᠢᠳᠡᠭᠡᠢ ᠠᠳᠠᠯᠢᠤᠠᠬ᠎ᠠ᠂

ᠵᠡᠷᠯᠢᠭ᠌ ᠴᠢᠨ᠋ᠸ᠎ᠠ ᠭᠡᠷ ᠤᠨ ᠨᠤᠬᠠᠢ ᠵᠡᠷᠭᠡᠪᠠᠷ ᠮᠠᠷᠢᠶᠠᠵᠤ ᠪᠠᠢ᠌ᠨ᠎ᠠ︕

ᠵᠢᠯᠢᠨ ᠣᠰᠠᠳᠤᠭᠰᠠᠨ ᠠᠳᠤᠭᠤᠨ ᠰᠥᠷᠦᠭ᠌ ᠴᠢᠨᠤ ᠮᠠᠷᠭᠠᠰᠢ ᠰᠢᠤ︕


(2006 ᠣᠨ ᠤ 9 ᠰᠠᠷ᠎ᠠ ᠶᠢᠨ 9 ᠤ ᠡᠳᠦᠷ)


ᠵᠤᠬᠢᠶᠠᠭᠴᠢ᠄ ᠪᠤᠷᠵᠢᠭᠢᠨ ᠬᠠᠰ
ᠬᠠᠷᠢᠶ᠎ᠠ᠄ ᠰᠢᠯᠦᠭ
ᠳᠠᠷᠤᠮ᠄ 2987
ᠴᠠᠭ᠄ 2006 ᠤᠨ ᠤ 09 ᠰᠠᠷ᠎ᠠ ᠶᠢᠨ 18