ᠰᠤᠮᠤᠨ ‍ᠤ ᠪᠠᠶ᠋ᠢᠰᠢᠩ

ᠭᠡᠷ ‍ᠢ ᠪᠡᠨ ᠬᠥᠳᠡᠭᠡ ᠪᠢᠰᠢ ᠬᠠᠷᠢᠨ

ᠰᠤᠮᠤᠨ ᠳᠡᠭᠡᠷ᠎ᠡ ᠪᠠᠶ᠋ᠢᠬᠤ ᠶ᠋ᠢ

ᠪᠠᠭ᠎ᠠ ᠳ᠋ᠠᠭᠠᠨ ᠪᠢ

ᠶᠡᠬᠡ ᠬᠦᠰᠡᠳᠡᠭ ᠪᠠᠶ᠋ᠢᠵᠠᠢ ᠃

ᠵᠦᠴᠦᠭᠡ ᠶ᠋ᠢᠨ ᠪᠠᠭᠠᠲᠤᠷ ‍ᠢᠶ᠋ᠠᠨ

ᠰᠠᠨᠠᠨ ᠪᠣᠳᠣᠨ ᠬᠦᠯᠢᠶᠡᠮᠡᠷ ᠦᠭᠡᠢ

ᠪᠠᠶ᠋ᠢᠩᠭᠤ ᠴᠠᠬᠢᠯᠭᠠᠨ ᠳᠠᠢ ᠃

ᠡᠴᠦᠰ ‍ᠦᠨ ᠰᠢᠬᠢᠷ ‍ᠢᠶ᠋ᠡᠨ

ᠬᠦᠯᠬᠦᠨ ᠭᠠᠷᠭᠠ ᠠᠷᠪᠢᠯᠠᠮᠠᠷ ᠦᠭᠡᠢ

ᠵᠡᠷᠭᠡᠯᠡᠳᠡᠭᠡ ᠬᠣᠷᠰᠢᠶ᠎ᠠ ᠳᠠᠢ ᠃

ᠬᠠᠰᠢᠶᠠᠨ ᠳ᠋ᠠᠭᠠᠨ ᠪᠠᠰᠠ

ᠲᠠᠪᠤ ᠵᠢᠷᠭᠤᠭᠠᠨ ᠮᠣᠶ᠋ᠢᠯ ‍ᠤᠨ ᠮᠣᠳᠣ ᠲᠠᠢ ᠃

ᠪᠦᠯᠲᠡᠭᠡᠨᠡᠭᠰᠡᠨ ᠮᠣᠶ᠋ᠢᠯ ᠡᠴᠡ ᠨᠢ

ᠬᠣᠷᠮᠣᠢ ᠳᠦᠭᠦᠷᠡᠩ ᠲᠡᠭᠦᠭᠡᠳ

ᠠᠮᠠ ᠳᠦᠭᠦᠷᠡᠩ ᠴᠢᠬᠢᠭᠡᠳ

ᠦᠷ᠎ᠡ ᠶ᠋ᠢ ᠨᠢ ᠳᠤᠷᠭᠢᠨ

ᠬᠠᠰᠢᠶᠠᠨ ᠳ᠋ᠠᠭᠠᠨ ᠵᠣᠭᠰᠣᠮᠠᠷ ᠃

ᠰᠠᠶᠢᠬᠠᠨ ᠪᠢ 

ᠳᠠᠷᠠ ᠪᠠᠶ᠋ᠢᠰᠢᠩ ᠲᠠᠢ ᠬᠠᠷᠭᠤᠯ᠎ᠠ

ᠴᠣᠩᠬᠣ ᠪᠠᠷ ᠨᠢ

ᠬᠦᠰᠡᠯ ᠰᠢᠨᠤᠯ ᠰᠡᠭᠦᠳᠡᠭᠡᠨᠡᠨ

ᠨᠠᠳᠠ ᠬᠠᠷᠠᠭᠳᠠᠪᠠ ᠃

ᠵᠤᠬᠢᠶᠠᠭᠴᠢ᠄ ᠡᠨᠭᠭᠡᠵᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 18200
ᠴᠠᠭ᠄ 2021 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ