ᠠᠮᠢᠳᠤᠷᠠᠯ ᠳᠤᠮᠳᠠᠬᠢ ᠪᠠᠶᠠᠷ ᠴᠡᠩᠬᠡᠯ ᠢ ᠡᠳ᠋ᠯᠡᠵᠦ ᠰᠤᠷᠤᠶ᠎ᠠ

ᠡᠢ᠌ᠮᠤ ᠨᠢᠭᠡ ᠰᠠᠤᠠᠭᠢᠴᠠ ᠶᠢᠨ ᠳᠤᠷᠰᠢᠯᠳᠠ ᠪᠠᠢ᠌ᠳᠠᠭ᠄ ᠳᠤᠷᠰᠢᠯᠳᠠ ᠳᠤ ᠣᠷᠤᠯᠴᠠᠬᠤ ᠨᠢᠵᠡᠭᠡᠤᠨ ᠭᠦᠮᠤᠨ ᠤ ᠪᠠᠶ᠎ᠠ ᠳᠡᠭᠡᠷ᠎ᠡ ᠳᠤᠰᠬᠠᠢ ᠭᠡᠮᠵᠢᠭᠦᠷ ᠮᠠᠰᠢᠨ ᠣᠭᠰᠠᠷᠠᠵᠤ᠂ ᠳᠤᠬᠠᠢ ᠶᠢᠨ ᠭᠦᠮᠤᠨ ᠤ ᠰᠠᠤᠠᠭᠢᠯ ᠤᠨ ᠭᠦᠳᠡᠯᠭᠡᠭᠡᠨ ᠶᠢᠡᠷ ᠳᠠᠳᠠᠨ ᠤ ᠭᠢᠷᠢ ᠵᠡᠷᠭᠡ ᠪᠠᠶᠠᠷ ᠭᠦᠷ ᠲᠡᠶ ᠪᠠᠢ᠌ᠭ᠎ᠠ ᠪᠣᠶᠤ ᠭᠡᠳᠦᠢ ᠣᠷᠳᠤ ᠬᠤᠭᠤᠴᠠᠭ᠎ᠠ ᠪᠠᠶᠠᠷ ᠭᠦᠷ ᠲᠡᠶ ᠪᠠᠢ᠌ᠬᠤ ᠶᠢ ᠭᠡᠮᠵᠢᠳᠡᠭ᠌᠃

ᠳᠤᠷᠰᠢᠯᠳᠠ ᠶᠢᠨ ᠳ᠋ᠦ᠋ᠩ ᠡᠴᠡ ᠣᠯᠵᠤ ᠮᠡᠳᠡᠭ᠍ᠰᠡᠨ ᠨᠢ᠂ ᠭᠦᠮᠤᠨ ᠤ ᠪᠠᠶᠠᠷ ᠭᠦᠷ ᠲᠡᠶ ᠪᠠᠢ᠌ᠳᠠᠭ ᠨᠢ ᠣᠷᠳᠤ ᠬᠤᠭᠤᠴᠠᠭᠠᠨ ᠤ ᠳᠡᠨᠢᠭᠦᠨ ᠳᠠᠭᠠᠯᠠᠮᠵᠢᠳᠠᠢ ᠰᠡᠳᠬᠢᠯᠭᠡ ᠶᠢᠨ ᠬᠤᠷᠠᠮᠳᠤᠯ ᠡᠴᠡ ᠢᠷᠠᠯᠳᠠᠢ ᠪᠠᠢ᠌ᠵᠤ᠂ ᠬᠠᠷᠢᠨ ᠭᠡᠨᠡᠳᠲᠡ ᠶᠢᠨ ᠪᠠᠶᠠᠷᠳᠤ ᠣᠴᠢᠷ ᠡᠴᠡ ᠪᠣᠯᠳᠠᠭ ᠪᠢᠰᠢ ᠪᠠᠢ᠌ᠨ᠎ᠠ᠃ ᠴᠡᠯᠮᠡᠭ᠌ ᠰᠠᠢ᠌ᠬᠠᠨ ᠡᠳᠦᠷ ᠭᠠᠳᠠᠭᠤᠷ ᠵᠤᠭᠠᠯᠠᠬᠤ᠂ ᠡᠩᠭᠦᠷᠡᠢ ᠠᠮᠢᠳᠠᠨ ᠶᠢᠡᠨ ᠭᠦᠳᠦᠯᠵᠤ ᠴᠡᠴᠡᠷᠯᠢᠭ᠌ ᠲᠤ ᠣᠴᠢᠬᠤ᠂ ᠭᠡᠷ ᠤᠨ ᠠᠵᠢᠯ ᠶᠢᠡᠨ ᠭᠢᠭᠦ ᠵᠡᠷᠭᠡ ᠡᠴᠡ ᠭᠦᠷᠳᠡᠭ᠍ᠰᠡᠨ ᠪᠠᠶᠠᠷ ᠴᠡᠩᠭᠡᠯ ᠨᠢ ᠭᠡᠨᠡᠳᠲᠡ ᠶᠢᠨ ᠰᠠᠢ᠌ᠨ ᠣᠴᠢᠷ ᠲᠤᠬᠢᠶᠠᠯᠳᠤᠭᠰᠠᠨ ᠡᠴᠡ ᠬᠤᠯᠠ ᠢᠯᠡᠭᠦᠤ ᠭᠦᠮᠦᠰ ᠢ ᠣᠷᠮᠠᠰᠢᠭᠤᠯᠳᠠᠭ ᠪᠢᠯᠠ᠃

ᠭᠦᠮᠤᠨ ᠤ ᠰᠠᠤᠠᠭᠢᠴᠠ ᠣᠶᠤᠨ ᠣᠬᠠᠭᠠᠨ ᠭᠡᠵᠤ ᠨᠢᠭᠡ ᠵᠣᠢ᠌ᠯ ᠤᠨ ᠳᠣᠢ᠌ᠯ ᠤᠨ ᠬᠠᠴᠢᠷᠬᠠᠯᠳᠠᠢ ᠵᠣᠢ᠌ᠯ ᠶᠤᠮᠰᠠᠨ᠃ ᠭᠦᠮᠦᠰ ᠶᠠᠷᠤᠨᠢ ᠭᠤᠨᠢᠭ ᠪᠣᠭᠢᠨᠢᠳᠤᠯ ᠲᠡᠶ ᠣᠴᠢᠷ ᠢ ᠢᠯᠡᠭᠦᠤ ᠴᠡᠭᠡᠵᠢᠯᠡᠵᠤ᠂ ᠵᠤᠯ ᠵᠢᠷᠭᠠᠯ ᠲᠡᠶ ᠵᠣᠢ᠌ᠯ ᠢ ᠠᠮᠠᠷᠬᠠᠨ ᠣᠮᠠᠷᠳᠠᠨ᠎ᠠ᠃ ᠵᠢᠱᠢᠶᠠᠯᠠᠪᠠᠯ᠂ ᠭᠦᠮᠦᠰ ᠨᠢᠭᠡ ᠣᠳᠠᠭᠠᠨ ᠤ ᠨᠢᠰᠭᠡᠯ ᠤᠨ ᠡ᠊ᠨᠳᠡᠯ ᠢ ᠠᠩᠬᠠᠷᠬᠤ ᠡᠴᠡ ᠪᠢᠰᠢ ᠪᠦᠭᠦ ᠳᠡᠯᠡᠭᠡᠢ ᠳᠤ ᠡᠳᠦᠷ ᠪᠦᠷᠢ ᠳᠦᠷᠪᠡᠨ ᠮᠢᠩᠭ᠋ᠠᠨ ᠣᠳᠠᠭᠠᠨ ᠤ ᠡᠡᠶ‍ᠦᠯᠭᠦᠢ ᠨᠢᠰᠤᠯᠳᠠ ᠶᠠᠪᠣᠭᠤᠯᠵᠤ ᠪᠠᠢ᠌ᠭ᠎ᠠ ᠶᠢ ᠠᠩᠬᠠᠷᠳᠠᠭ ᠦᠭᠡᠶ᠃ ᠪᠢᠳᠠ ᠠᠮᠢ ᠨᠠᠰᠤᠨ ᠤ ᠪᠠᠨ ᠳᠤᠮᠳᠠᠭᠢ ᠶᠡᠭᠡ ᠭᠡᠷᠡᠭ᠌ ᠣᠴᠢᠷ ᠢ ᠯᠠ ᠴᠡᠭᠡᠵᠢᠯᠡᠭᠦ ᠳᠤᠷᠠᠳᠠᠢ ᠪᠠᠢ᠌ᠳᠠᠭ᠂ ᠭᠡᠪᠠᠴᠤ ᠳᠡᠳᠡᠭᠡᠷ ᠨᠢ ᠣᠯᠠᠩᠭᠢ ᠳᠠᠭᠠᠨ ᠭᠡᠳᠦᠷᠭᠡᠢ ᠰᠠᠢ᠌ᠨ ᠪᠣᠶᠤ ᠭᠡᠳᠦᠷᠭᠡᠢ ᠮᠠᠭᠤ ᠣᠴᠢᠷ ᠤᠳ ᠪᠠᠢ᠌ᠳᠠᠭ᠃ ᠡᠢ᠌ᠮᠤ ᠡᠴᠡ ᠪᠢᠳᠠ ᠥᠩᠭᠡᠷᠡᠭ᠍ᠰᠡᠨ ᠶᠢᠡᠨ ᠡᠷᠭᠢᠴᠡᠭᠦᠯᠭᠦ ᠳᠤ ᠶᠠᠷᠤ ᠳᠡᠭᠡᠨ ᠪᠠᠶᠠᠷ ᠴᠡᠩᠭᠡᠯ ᠪᠣᠯ ᠳᠡᠳᠡᠭᠡᠷ ᠶᠡᠭᠡ ᠭᠡᠷᠡᠭ᠌ ᠣᠴᠢᠷ ᠤᠨ ᠰᠠᠭᠤᠷᠢᠨ ᠳᠡᠭᠡᠷ᠎ᠡ ᠡᠭᠦᠰᠦᠭ᠍ᠰᠡᠨ ᠪᠠᠢ᠌ᠵᠤ ᠭᠡᠮᠡᠨ ᠥᠵᠡᠭᠡᠤᠨ᠂ ᠠᠮᠢᠳᠤᠷᠠᠯ ᠤᠨ ᠳᠤᠮᠳᠠᠭᠢ ᠵᠢᠵᠢᠭ᠌ ᠰᠠᠵᠢᠭ ᠣᠴᠢᠷ ᠢ ᠬᠠᠷᠢᠨ ᠣᠮᠳᠤᠭᠠᠢ᠌ᠯᠠᠭᠠᠤᠨ ᠪᠠᠢ᠌ᠳᠠᠭ᠃

ᠦᠪᠡᠷ ᠤᠨ ᠪᠠᠶᠠᠷ ᠴᠡᠩᠭᠡᠯ ᠶᠢᠡᠨ ᠵᠠᠪᠠᠯ ᠳᠡᠳᠡᠭᠡᠷ ᠶᠡᠭᠡ ᠣᠴᠢᠷ ᠳᠡᠭᠡᠷ᠎ᠡ ᠪᠠᠷᠢᠴᠠᠭᠠᠯᠠᠭᠰᠠᠨ ᠤ ᠭᠡᠷᠡᠭ᠌ ᠦᠭᠡᠶ᠂ ᠱᠠᠩᠨᠠᠯᠳᠤ ᠳᠡᠮᠳᠡᠭ᠌ ᠠᠪᠣᠭᠠᠤᠨ 500 ᠲᠦᠮᠡ ᠣᠯᠬᠤ᠂ ᠶᠡᠷᠦᠩᠭᠡᠢ ᠳᠠᠭᠠᠭᠠᠮᠠᠯ ᠰᠠᠭᠤᠵᠤ ᠶᠡᠭᠡ ᠵᠤᠭᠤᠰ ᠣᠯᠬᠤ ᠳᠡᠭᠡᠷ᠎ᠡ ᠳᠠᠷᠢᠭᠢ ᠪᠠᠨ ᠪᠠᠷᠠᠭᠰᠠᠨ ᠤ ᠭᠡᠷᠡᠭ᠌ ᠠᠯᠠᠭ᠎ᠠ᠃ ᠦᠨᠡᠨ ᠳᠡᠭᠡᠨ ᠡᠳᠦᠷ ᠳᠤᠳᠤᠮ ᠤᠨ ᠵᠢᠵᠢᠭ᠌ ᠰᠠᠵᠢᠭ ᠶᠠᠪᠣᠳᠠᠯ ᠡᠴᠡ ᠴᠤ ᠪᠠᠶᠠᠷ ᠴᠡᠩᠭᠡᠯ ᠭᠦᠷᠳᠡᠵᠤ ᠪᠣᠯᠤᠨ᠎ᠠ᠃ ᠭᠡᠷ ᠵᠠᠭᠤᠷ᠎ᠠ ᠪᠠᠨ ᠡᠪ ᠨᠠᠢ᠌ᠷᠳᠠᠢ᠂ ᠨᠠᠢ᠌ᠵᠠ ᠨᠥᠭᠦᠤᠨ ᠲᠡᠶ ᠪᠠᠨ ᠰᠠᠤᠠᠭᠢᠯ ᠣᠯᠤᠯᠴᠠᠭᠰᠠᠨ᠂ ᠣᠤᠠᠬ᠎ᠠ ᠠᠭᠤᠯᠭ᠎ᠠ ᠲᠡᠶ ᠠᠵᠢᠯ ᠭᠢᠵᠤ᠂ ᠣᠷᠮ᠎ᠠ ᠵᠤᠷᠢᠭ ᠲᠡᠶ ᠪᠠᠷ ᠪᠠᠶ᠎ᠠ ᠪᠠᠨ ᠪᠣᠯᠪᠠᠰᠤᠷᠠᠭᠤᠯᠬᠤ ᠵᠡᠷᠭᠡ ᠨᠢ ᠴᠦᠮ ᠮᠠᠰᠢ ᠪᠠᠶᠠᠷ ᠭᠦᠷ ᠲᠡᠶ ᠶᠠᠪᠣᠳᠠᠯ ᠶᠤᠮ᠃ ᠥᠷᠭᠦᠯᠵᠢ ᠦᠪᠡᠷ ᠤᠨ ᠡᠳ᠋ᠯᠡᠵᠤ ᠪᠠᠢ᠌ᠭ᠎ᠠ ᠵᠤᠯ ᠵᠢᠷᠭᠠᠯ ᠶᠢᠡᠨ ᠡᠷᠭᠢᠴᠡᠭᠦᠯᠤᠨ ᠪᠣᠳᠤᠬᠤ ᠨᠢ ᠡᠷᠡᠭᠦᠯ ᠮᠠᠠᠳᠤ ᠳᠤ ᠠᠰᠢᠭᠳᠠᠢ᠂ ᠢᠩᠭᠢᠭᠦ ᠨᠢ ᠭᠦᠮᠦᠰ ᠢ ᠪᠣᠭᠢᠨᠢᠳᠤᠯ ᠭᠤᠳᠤᠷᠠᠯ ᠡᠴᠡ ᠵᠠᠢ᠌ᠯᠠᠭᠤᠯᠳᠠᠭ᠃

ᠦᠪᠡᠷ ᠤᠨ ᠳᠤᠳᠠᠭᠳᠠᠯ ᠲᠡᠶ ᠳᠠᠯ᠎ᠠ ᠪᠠᠨ ᠳᠡᠩᠳᠡᠭᠦᠤ ᠶᠡᠭᠡᠰᠭᠡᠵᠤ ᠥᠵᠡᠭᠦ ᠭᠡᠷᠡᠭ᠌ ᠦᠭᠡᠶ᠂ ᠪᠠᠶᠠᠷ ᠭᠦᠷ ᠲᠡᠶ ᠪᠠᠢ᠌ᠳᠠᠭ ᠵᠠᠩ ᠴᠢᠨᠠᠷ ᠭᠦᠮᠦᠰ ᠢ ᠨᠠᠩ ᠠᠮᠠᠷᠬᠠᠨ ᠭᠦᠰᠡᠯ ᠵᠤᠷᠢᠯᠳᠠ ᠳᠠᠭᠠᠨ ᠭᠦᠷᠦᠭᠦᠯᠳᠡᠭ᠌ ᠪᠦᠭᠡᠤᠨ ᠦᠪᠡᠷ ᠤᠨ ᠰᠢᠯᠢᠳᠡᠭ᠌ ᠰᠠᠢ᠌ᠠᠳᠠᠢ ᠳᠠᠯ᠎ᠠ ᠪᠠᠨ ᠢᠯᠡᠭᠦᠤ ᠠᠩᠬᠠᠷᠬᠤ ᠪᠣᠯᠭᠠᠳᠠᠭ᠃

ᠭᠦᠮᠤᠨ ᠤ ᠠᠮᠢᠳᠤᠷᠠᠯ ᠳᠤᠮᠳᠠ ᠶᠠᠷᠤ ᠳᠡᠭᠡᠨ ᠡᠢ᠌ᠮᠤ ᠳᠠᠢ᠌ᠮᠤ ᠭᠡᠨᠡᠳᠲᠡ ᠶᠢᠨ ᠣᠴᠢᠷ ᠲᠤᠬᠢᠶᠠᠯᠳᠤᠳᠠᠭ᠂ ᠵᠤᠯ ᠪᠣᠰᠤ ᠣᠴᠢᠷ ᠶᠠᠪᠣᠳᠠᠯ ᠪᠢᠳᠠᠨ ᠤ ᠬᠠᠵᠠᠭᠤ ᠳᠤ ᠡᠭᠦᠰᠭᠦ ᠦᠶᠡᠰ ᠭᠡᠷᠪᠡ ᠳᠠ ᠰᠠᠤᠠᠭᠢᠯ ᠳᠤᠳᠤᠷ᠎ᠠ ᠪᠠᠨ ᠨᠢᠭᠡ 《ᠪᠠᠶᠠᠷ ᠭᠦᠷ ᠤᠨ ᠭᠡᠮᠵᠢᠭᠦᠷ》 ᠪᠠᠢ᠌ᠳᠠᠭ ᠯᠠ ᠶᠤᠮ ᠪᠣᠯ᠂ ᠣᠴᠢᠷ ᠶᠠᠪᠣᠳᠠᠯ ᠶᠢᠡᠨ ᠯᠠᠪᠳᠠᠢ ᠵᠦᠪ ᠭᠢᠨᠠᠮᠠᠭᠠᠢ ᠰᠢ᠌ᠤᠠᠪᠣᠷᠢᠯᠠᠵᠤ ᠳᠡᠢ᠌ᠯᠭᠦ ᠪᠣᠯᠤᠨ᠎ᠠ᠃ ᠰᠠᠤᠠᠭᠢᠯ ᠳᠤᠳᠤᠷᠠᠭᠢ ᠪᠠᠶᠠᠷ ᠴᠡᠩᠭᠡᠯ ᠤᠨ ᠬᠤᠪᠢ ᠶᠢᠨ ᠵᠢᠩ ᠢ ᠣᠯᠠᠮ ᠶᠡᠭᠡ ᠪᠠᠢ᠌ᠯᠭᠠᠪᠠᠯ ᠳᠠ ᠳᠠᠷᠤᠢ ᠣᠯᠠᠮ ᠪᠠᠶᠠᠷ ᠭᠦᠷ ᠲᠡᠶ ᠭᠦᠮᠤᠨ ᠪᠣᠯᠵᠤ ᠴᠢᠳᠠᠨ᠎ᠠ᠃


ᠵᠤᠬᠢᠶᠠᠭᠴᠢ᠄ ᠰᠢᠯᠢᠨ
ᠬᠠᠷᠢᠶ᠎ᠠ᠄ ᠡᠷᠡᠭᠦᠯ ᠡᠩᠬᠡ
ᠳᠠᠷᠤᠮ᠄ 6620
ᠴᠠᠭ᠄ 2009 ᠤᠨ ᠤ 11 ᠰᠠᠷ᠎ᠠ ᠶᠢᠨ 11