ᠴᠢᠨ᠋ᠸ᠎ᠠ ᠮᠢᠨᠤ ᠦᠴᠢᠯ

ᠦᠣᠷ ᠤᠨ ᠳᠤᠶᠠᠭ᠎ᠠ ᠪᠠᠷ ᠴᠤᠴᠢᠷᠳᠠᠨ ᠰᠡᠷᠢᠭᠡᠳ

ᠦᠳᠡᠰᠢ ᠶᠢᠨ ᠳᠤᠯᠤᠩ ᠶᠢᠡᠷ ᠥᠮᠨᠦᠭᠡᠨ ᠵᠠᠮᠨᠠᠭᠠᠤᠨ

ᠦᠯᠦᠭ᠍ᠴᠢᠨ ᠭᠢᠴᠢ᠌ ᠶᠢᠨ ᠬᠠᠨᠢ ᠶᠢᠨ ᠠᠰᠠᠷᠠᠮᠵᠢ ᠪᠠᠷ

ᠦᠯᠤᠨ ᠭᠡᠳᠡᠰᠤ ᠦᠯᠢ ᠠᠮᠢ ᠪᠠᠨ ᠳᠡᠵᠢᠭᠡᠭᠡᠳ


ᠳᠠᠩᠰᠤᠭ ᠰᠠᠢ᠌ᠬᠠᠨ ᠮᠤᠩᠭ᠋ᠤᠯ ᠪᠠᠢ᠌ᠭᠠᠯᠢ ᠳᠤ ᠬᠤᠭᠤᠯᠠ ᠥᠭᠡᠢ

ᠳᠠᠪᠠᠯᠠᠵᠤ ᠭᠡᠯᠡᠳᠡᠭ᠌ ᠭᠦᠮᠤᠨ ᠵᠢᠷᠦᠭᠡᠳᠡᠨ ᠨᠢ ᠰᠦᠨᠠᠰᠤ ᠥᠭᠡᠢ

ᠳᠠᠭ᠎ᠠ ᠪᠠᠷ ᠣᠷᠤᠰᠢᠬᠤ ᠳᠠᠢ᠌ᠪᠣᠩ ᠣᠷᠴᠢᠯᠠᠩ ᠰᠥᠭ᠌ ᠥᠭᠡᠢ

ᠳᠠᠨᠠᠨ ᠴᠠᠭᠠᠨ ᠮᠤᠩᠭ᠋ᠤᠯ ᠠᠮᠢᠳᠤᠷᠠᠯ ᠨᠢ ᠣᠳᠤᠭ᠎ᠠ ᠥᠭᠡᠢ


ᠣᠵᠤᠭᠤᠷ ᠳᠡᠦᠭᠡᠨ ᠡᠴᠠ ᠡᠭᠡᠨᠡᠭ᠍ᠰᠢᠵᠤ ᠳᠠᠰᠤᠭᠰᠠᠨ ᠮᠢᠨᠤ ᠣᠷᠤᠰᠢᠯ

ᠣᠭᠤ ᠭᠠᠭᠴᠠ ᠤᠢ᠌ᠳᠬᠠᠷ ᠤᠨ ᠮᠠᠨᠠᠨ ᠶᠢᠡᠷ ᠦᠨᠦᠳᠤᠷ ᠪᠦᠷᠭᠦᠭᠦ ᠨᠢ ᠡ

ᠮᠠᠯᠴᠢᠨ ᠠᠩᠴᠢᠨ ᠶᠢᠡᠷ ᠮᠢᠬ᠎ᠠ ᠪᠠᠨ ᠮᠡᠷᠡᠭᠦᠯᠳᠡᠭ᠌ ᠲᠡᠭᠡᠨ ᠡᠮᠭᠡᠨᠢᠳᠡᠭ᠌ ᠥᠭᠡᠢ

ᠮᠠᠩᠬ᠎ᠠ ᠵᠤ᠋ ᠳᠠᠴᠢᠷ ᠴᠦᠯ ᠳᠤ ᠨᠢ ᠪᠢ ᠵᠤᠪᠠᠨᠢᠳᠠᠭ ᠡ


ᠬᠤᠨᠢ ᠪᠠᠨ ᠬᠠᠰᠢᠶᠠᠯᠠᠭᠤᠯᠤᠭᠠᠤᠨ ᠬᠤᠪᠢᠨ ᠤ ᠪᠠᠶ᠎ᠠ ᠴᠢᠨᠢ ᠠᠮᠤᠷᠵᠢᠭᠤᠨ ᠦᠦ ︖

ᠬᠤᠳᠠ ᠪᠠᠷᠠᠳᠠᠭᠠᠤᠨ ᠮᠤᠩᠭ᠋ᠤᠯ ᠠᠮᠢᠳᠤᠷᠠᠯ ᠴᠢᠨᠢ ᠡᠰᠡᠷᠡᠭ᠌ ᠦᠦ ︖

ᠬᠤᠭᠤᠷᠤᠠᠳᠤ ᠪᠠᠨ ᠪᠢᠳᠠ ᠬᠤᠠᠵᠢᠩ ᠨᠢᠭᠡᠳᠡᠢ ᠴᠤ ᠬᠤᠷᠰᠢᠶ᠎ᠠ ᠶᠤᠮ ᠡ

ᠬᠤᠷᠸ᠎ᠠ ᠶ‍ᠢᠷᠳᠢᠠᠴᠤ ᠳᠤ ᠰᠦᠷᠴᠤ ᠠᠮᠢᠳᠤᠷᠠᠬᠤ ᠵᠢᠮ᠎ᠠ ᠶᠤᠮ ᠡ


ᠰᠠᠩᠭᠢ ᠳᠠᠳᠠᠭᠰᠠᠨ ᠭᠦᠮᠡᠯᠢ ᠶᠢᠨ ᠦᠨᠦᠷ ᠴᠢᠨᠢ ᠶᠠᠭᠠᠭᠢᠯ᠎ᠠ

ᠰᠥᠭᠡᠩᠭᠢ ᠰᠠᠢ᠌ᠬᠠᠨ ᠭᠦᠭᠡᠮᠡᠢ ᠶᠢᠨ ᠠᠶᠠᠰ ᠴᠢᠨᠢ ᠭᠡᠷᠭᠢᠯ᠎ᠡ

ᠣᠷᠢᠳᠤ ᠣᠷᠢᠳᠤ ᠶᠢᠨ ᠳᠡᠭᠡᠳᠦᠰ ᠤᠨ ᠴᠠᠳᠢᠭ ᠢ ᠣᠷᠪᠠᠭᠤᠯᠵᠤ ᠦᠵᠡᠭᠦ ᠳ᠋ᠤ

ᠣᠮᠤᠭ ᠪᠣᠰᠤᠭ᠎ᠠ ᠵᠢ᠌ᠪᠬᠤᠯᠠᠩ ᠶᠠᠪᠣᠭᠰᠠᠨ ᠮᠤᠩᠭ᠋ᠤᠯᠴᠤᠳ ᠠᠭᠰᠠᠨ


ᠡᠪᠦᠭᠡ ᠶᠢᠨ ᠴᠢᠨᠢ ᠡᠪᠦᠭᠡ ᠦᠨᠢᠷ ᠳᠡᠭᠡᠳᠦᠰ ᠴᠢᠨᠢ ᠣᠮᠤᠭᠯᠠᠩ ᠪᠢᠰᠢᠤ ︖

ᠡᠨᠡ ᠪᠦᠮᠪᠦᠷᠴᠡᠭ᠌ ᠢ ᠡᠷᠭᠡ ᠰᠦᠷ ᠶᠢᠡᠷ ᠲᠦᠪᠰᠢᠨ ᠡᠵᠡᠮᠳᠡᠭ᠍ᠰᠡᠨ ᠪᠢᠰᠢᠤ ︖

ᠦᠨᠦᠳᠤᠷ ᠳᠡᠭᠡᠭᠡᠳ ᠳᠠᠯ᠎ᠠ ᠶᠢᠨ ᠡᠵᠡᠨ ᠳᠠᠩᠰᠤᠭ ᠪᠣᠶᠠᠠᠳᠠᠨ ᠳᠠᠨᠠᠷ ᠶᠠᠭᠠᠭᠢᠯ᠎ᠠ ︖

ᠥᠩᠭᠡᠷᠡᠭ᠍ᠰᠡᠨ ᠤ ᠳᠡᠦᠭᠡ ᠠᠮᠳᠠᠳᠤ ᠰᠷᠬᠤᠤᠨ ᠲᠤ ᠪᠠᠨ ᠯᠠ ᠠᠮᠳᠠᠰᠢᠵᠤ ᠰᠤᠭᠳᠤᠭᠤᠷᠠᠭ᠎ᠠ ᠦᠦ ︖


ᠣᠤᠭᠤᠪᠠᠯ ᠣᠷᠤᠭᠤ ᠵᠥᠭ᠌ ᠲᠡᠭᠡᠨ ᠣᠶᠠᠷᠠᠳᠠᠭ᠂ ᠳᠠᠭᠤᠯᠠᠳᠠᠭ

ᠠᠭᠤᠷᠰᠠᠪᠠᠯ ᠥᠭᠡᠳᠡ ᠵᠥᠭ᠌ ᠲᠡᠭᠡᠨ ᠭᠡᠷᠡᠯᠳᠦᠳᠡᠭ᠌᠂ ᠣᠷᠢᠯᠠᠳᠠᠭ

ᠭᠠᠷ ᠤᠨ ᠠᠯᠠᠭ᠎ᠠ ᠠᠷᠤ ᠦᠪᠣᠷ ᠭᠡᠵᠤ ᠡᠷᠭᠡᠳᠡᠨ ᠤ ᠪᠦᠷᠢᠯᠳᠦᠭᠦᠨ

ᠭᠠᠴᠢᠭᠳᠠᠠᠬᠤ ᠡᠷᠡᠨ ᠳᠤ ᠬᠠᠮᠳᠤᠷᠠᠵᠤ ᠶᠠᠪᠣᠬᠤ ᠶᠢ ᠪᠦᠭᠦᠳᠡᠭᠡᠷ ᠰᠠᠳᠭᠢ ︕


ᠭᠤᠪᠢ ᠳᠤ ᠪᠠᠨ ᠪᠠᠢ᠌ᠬᠤ ᠳᠤ ᠭᠤᠷᠤᠩᠭ᠋ᠠᠰᠴᠤ ᠬᠠᠷᠠᠩᠭ᠋ᠤᠰᠴᠤ ᠶᠠᠪᠣᠭᠰᠠᠨ ᠶᠤᠮ ᠡ

ᠳᠠᠯ᠎ᠠ ᠳᠤ ᠪᠠᠨ ᠳᠡᠨᠦᠭᠦ ᠳᠤ ᠳᠠᠮᠢᠷᠳᠠᠵᠤ ᠴᠤᠴᠢᠷᠳᠠᠵᠤ ᠭᠦᠢᠴᠡᠭ᠍ᠰᠡᠨ ᠶᠤᠮ ᠡ

ᠭᠤᠳᠤᠯᠴᠢ ᠮᠢᠬᠠᠴᠢ ᠨᠢᠭᠡᠨ ᠳᠦᠷᠤᠯᠭᠢᠳᠠᠨ ᠳᠤ ᠶᠠᠮᠠᠷ ᠵᠠᠶᠠᠭ᠎ᠠ ᠪᠠᠢ᠌ᠬᠤᠪ

ᠳᠠᠪᠠ ᠪᠠᠨ ᠬᠠᠨᠤᠳᠠᠯ᠎ᠠ ᠣᠯᠢᠵᠤ ᠰᠠᠭᠤᠪᠠᠯ ᠦᠯᠤᠨ ᠭᠡᠳᠡᠰᠤ ᠳᠦᠭᠦᠷᠭᠦ ᠨᠢ ᠡ


ᠥᠡᠳᠦᠷᠯᠢᠭ᠌ ᠥᠭ᠍ᠰᠦᠭᠦ ᠳᠤ ᠴᠤᠭᠴᠠ ᠪᠠᠶ᠎ᠠ ᠶᠢᠨ ᠳᠡᠩᠭᠡᠭᠡ ᠬᠤᠭᠤᠰᠤᠨ

ᠥᠩᠭᠡᠷᠡᠭ᠍ᠰᠡᠨ ᠶᠢᠡᠨ ᠳᠤᠷᠠᠳᠬᠤ ᠳᠤ ᠠᠮᠢ ᠪᠠᠶ᠎ᠠ ᠳᠤ ᠳᠡᠵᠢᠭᠡᠯ ᠴᠥᠭᠡᠨ

ᠦᠨᠦᠳᠤᠷ ᠪᠢ ᠦᠴᠢᠯ ᠶᠢᠡᠨ ᠳᠤᠰᠢᠶᠠᠵᠤ ᠠᠭᠤᠰᠭᠢ ᠪᠠᠨ ᠳᠠᠯᠠᠶ᠎ᠠ

ᠦᠷᠯᠦᠭ᠌ ᠮᠤᠩᠭ᠋ᠤᠯ ᠦᠨᠢᠷ ᠰᠦᠷᠦᠭ᠌ ᠲᠡᠶ ᠪᠠᠨ ᠠᠭᠢᠨ ᠠᠮᠢᠯᠠᠬᠤ ᠶᠢ ᠳᠠᠭᠠᠳᠬᠠᠶ᠎ᠠ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1743
ᠴᠠᠭ᠄ 2013 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ