ᠬᠡᠦᠬᠡᠳ ᠠᠩᠭᠢ ᠶᠢᠨ ᠺᠠᠳ᠋ᠷ ᠪᠣᠯᠪᠠᠯ ᠰᠠ‍‌ᠶᠢ ᠰᠠᠢ᠌ᠨ ᠰᠠᠢ᠌ᠬᠠᠨ ᠶᠢᠡᠷ ᠭᠦᠮᠦᠵᠢᠭ᠍ᠳᠡᠵᠤ ᠴᠢᠳᠠᠨ᠎ᠠ ᠭᠡᠵᠤ ᠤᠤ

ᠣᠷᠴᠢᠮ ᠳᠤ ᠰᠤᠨᠢᠨ ᠮᠡᠳᠡᠭᠡ᠂ ᠵᠠᠭᠤᠴᠢᠯᠠᠭᠤᠷ ᠤᠨ ᠭᠢᠨ ᠰᠤᠷᠤᠭᠴᠢ ᠶᠢᠨ ᠺᠠᠳ᠋ᠷ ᠤᠨ ᠳᠤᠬᠠᠢ ᠦᠷᠭᠡᠨ ᠭᠡᠪᠴᠢᠶᠡᠨ ᠤ ᠶᠠᠷᠢᠯᠴᠠᠭᠠᠨ ᠦᠷᠨᠢᠭᠦᠯᠪᠡ᠃ ᠶᠠᠷᠢᠯᠴᠠᠭᠠᠨ ᠨᠢ ᠪᠦᠷ ᠨᠢᠭᠡᠨ ᠣᠴᠢᠷ᠃ ᠰᠢᠨ᠎ᠠ ᠰᠤᠷᠤᠯᠭ᠎ᠠ ᠶᠢᠨ ᠬᠤᠭᠤᠴᠠᠭ᠎ᠠ ᠡᠭᠢᠯᠡᠩᠭᠦᠳᠡ᠂ ᠬᠤᠪᠧᠢ ᠮᠤᠵᠢ ᠶᠢᠨ ᠬᠤᠸᠠᠩ ᠫᠦᠸᠧ ᠰᠢᠶᠠᠨ ᠤ ᠴᠢᠶᠠᠨ ᠴᠢᠤᠸᠠᠨ ᠵᠢᠷᠭᠤᠳᠤᠭᠠᠷ ᠪᠠᠭ᠎ᠠ ᠰᠤᠷᠭᠠᠭᠤᠯᠢ ᠶᠢᠨ ᠳᠦᠷᠪᠠᠳᠦᠭᠡᠷ ᠣᠨ ᠤ ᠨᠢᠭᠡᠳᠦᠭᠡᠷ ᠠᠩᠭᠢ ᠶᠢᠨ ᠭᠢᠨ 63 ᠰᠤᠷᠤᠭᠴᠢ ᠵᠢᠨ 32 ᠊ᠢ ᠨᠢ ᠠᠩᠭᠢ ᠶᠢᠨ ᠺᠠᠳ᠋ᠷ ᠪᠣᠯᠭᠠᠭᠰᠠᠨ ᠣᠴᠢᠷ ᠢ ᠶᠠᠷᠢᠪᠠ᠃ ᠡᠭᠦᠨ ᠢ ᠰᠦᠯᠵᠢᠶᠠᠴᠢᠳ ᠪᠣᠶᠤ ᠰᠤᠨᠢᠨ ᠮᠡᠳᠡᠭᠡ᠂ ᠵᠠᠭᠤᠴᠢᠯᠠᠭᠤᠷ ᠤᠨ ᠰᠢᠭᠦᠮᠵᠢᠯᠡᠭ᠍ᠴᠢᠳ 《ᠨᠤᠶᠠᠨ ᠵᠡᠷᠭᠡ》 ᠨᠢᠭᠡᠨᠲᠡ ᠰᠤᠷᠭᠠᠭᠤᠯᠢ ᠶᠢᠨ ᠭᠦᠷᠢᠶᠡᠨ ᠳᠤ ᠨᠠᠪᠳᠠᠷᠠᠨ ᠣᠷᠤᠪᠠ ᠭᠡᠵᠤ ᠥᠵᠡᠵᠡᠭᠡᠵᠤ ᠪᠠᠢ᠌ᠨ᠎ᠠ᠃

ᠮᠢᠨᠤ ᠥᠵᠡᠭᠦ ᠪᠠᠷ᠂ ᠬᠡᠦᠬᠡᠳ ᠠᠩᠭᠢ ᠶᠢᠨ ᠳᠠᠷᠤᠭ᠎ᠠ ᠺᠠᠳ᠋ᠷ ᠪᠣᠯᠬᠤ ᠨᠢ ᠳᠠᠢ᠌ᠮᠤ ᠮᠠᠭᠤ ᠶᠠᠪᠣᠳᠠᠯ ᠪᠢᠰᠢ᠂ ᠰᠠᠢ᠌ᠨ ᠣᠴᠢᠷ᠃ ᠣᠠᠴᠠᠭᠠᠢ᠌ᠯᠠᠨ ᠣᠯᠠᠨ ᠣᠯᠠᠨ ᠬᠡᠦᠬᠡᠳ ᠢ ᠠᠩᠭᠢ ᠶᠢᠨ ᠺᠠᠳ᠋ᠷ ᠪᠣᠯᠭᠠᠬᠤ ᠨᠢ ᠰᠠᠢ᠌ᠨ ᠶᠠᠪᠣᠳᠠᠯ᠂ ᠰᠠᠢ᠌ᠬᠠᠨ ᠥᠵᠡᠭ᠍ᠳᠡᠯ᠃ ᠳᠠᠳᠠᠨ ᠢ ᠬᠠᠷᠠᠬᠠᠨ ᠪᠠᠭ᠎ᠠ ᠡᠴᠡ ᠨᠢ ᠪᠣᠰᠤᠳ ᠲᠡᠶ ᠤᠢ᠌ᠷᠠᠳᠤᠯᠴᠠᠬᠤ᠂ ᠪᠣᠰᠤᠳ ᠲᠡᠶ ᠬᠠᠷᠢᠴᠠᠬᠤ᠂ ᠪᠣᠰᠤᠳ ᠢ ᠵᠤᠬᠢᠶᠠᠨ ᠪᠠᠢ᠌ᠭᠤᠯᠤᠨ ᠳᠠᠭᠠᠭᠤᠯᠬᠤ ᠵᠢᠯᠤᠭᠤᠳᠤᠨ ᠣᠳᠤᠷᠢᠳᠬᠤ ᠵᠡᠷᠭᠡ ᠴᠢᠳᠠᠪᠣᠷᠢ ᠰᠠᠳᠭᠢᠴᠠ ᠶᠢ ᠨᠢ ᠭᠦᠮᠦᠵᠢᠭᠦᠯᠤᠨ ᠪᠣᠯᠪᠠᠰᠤᠷᠭᠤᠯᠵᠤ ᠪᠠᠢ᠌ᠭ᠎ᠠ ᠣᠴᠢᠷ᠃ ᠡᠭᠦᠨ ᠢ ᠥᠩᠭᠡᠷᠡᠤ ᠳᠠᠢ᠌ᠮᠤ ᠰᠢᠭᠦᠮᠵᠢᠯᠡᠵᠤ ᠳᠠᠰᠢᠭᠤᠷᠳᠠᠭᠰᠠᠨ ᠤ ᠣᠴᠢᠷ ᠦᠭᠡᠶ᠃ ᠭᠤᠤᠯ ᠨᠢ ᠶᠠᠭᠠᠭᠢᠵᠤ ᠠᠩᠭᠢ ᠶᠢᠨ ᠺᠠᠳ᠋ᠷ ᠪᠣᠯᠵᠤ ᠦᠦ᠂ ᠠᠶᠠᠠᠳᠠᠭᠠᠨ ᠪᠣᠯᠵᠤ ᠦᠦ᠂ ᠠᠯᠪᠠ ᠪᠠᠷ ᠪᠣᠯᠵᠤ ᠦᠦ ᠭᠡᠰᠡᠨ ᠢ ᠨᠢ ᠬᠠᠷᠠᠨ᠎ᠠ᠃

ᠬᠡᠦᠬᠡᠳ ᠶᠠᠮᠠᠷ ᠨᠢᠭᠡᠨ ᠶᠠᠭᠤᠮ᠎ᠠ ᠶᠢ ᠭᠢᠶ᠎ᠠ᠂ ᠣᠷᠤᠯᠳᠤᠶ᠎ᠠ ᠭᠡᠵᠤ ᠪᠣᠳᠤᠬᠤ ᠨᠢ ᠳᠡᠭᠦᠨ ᠤ ᠳᠦᠷᠤᠯᠭᠢ ᠵᠠᠩ ᠰᠠᠳᠭᠢᠴᠠ᠃ ᠳᠠᠳᠠᠨ ᠤ ᠳᠦᠷᠤᠯᠭᠢ ᠵᠠᠩ ᠴᠢᠨᠠᠷ᠂ ᠪᠠᠶ᠎ᠠ ᠰᠠᠳᠭᠢᠴᠠ᠂ ᠪᠢᠷ᠎ᠠ ᠴᠢᠳᠠᠯ ᠤᠨ ᠭᠢᠨᠢ ᠲᠦᠯᠤᠪᠴᠢᠨ ᠪᠣᠯᠪᠠᠰᠤᠷᠠᠵᠤ ᠪᠠᠢ᠌ᠭ᠎ᠠ ᠶᠢᠨ ᠪᠣᠳᠠᠳᠤ ᠰᠢᠠᠵᠢ ᠳᠡᠮᠳᠡᠭ᠌᠃ ᠬᠡᠦᠬᠡᠳ ᠪᠣᠯᠭᠠᠨ ᠠᠩᠭᠢ ᠶᠢᠨ ᠳᠠᠷᠤᠭ᠎ᠠ ᠺᠠᠳ᠋ᠷ ᠪᠣᠯᠤᠶ᠎ᠠ ᠭᠡᠵᠤ ᠪᠣᠳᠤᠳᠠᠭ ᠨᠢ ᠴᠤ ᠮᠦᠨ ᠡᠢ᠌ᠮᠤ ᠶᠤᠰᠤ᠃ ᠳᠠᠳᠠᠨ ᠤ ᠵᠠᠩ ᠰᠠᠳᠭᠢᠴᠠ ᠶᠢᠨ ᠲᠦᠯᠤᠪᠵᠢᠨ ᠪᠣᠯᠪᠠᠰᠤᠷᠠᠵᠤ᠂ ᠦᠪᠡᠷ ᠢ ᠪᠠᠨ ᠦᠪᠡᠷ ᠶᠢᠡᠨ ᠳᠠᠪᠳᠠᠨ ᠪᠣᠯᠪᠠᠰᠤᠷᠠᠭᠤᠯᠤᠶ᠎ᠠ ᠭᠡᠵᠤ ᠪᠣᠳᠤᠵᠤ ᠵᠢᠳᠭᠦᠵᠤ ᠪᠠᠢ᠌ᠭ᠎ᠠ ᠶᠢᠨ ᠭᠢᠨᠢ ᠪᠣᠳᠠᠳᠤ ᠢᠯᠠᠷᠠᠯ᠂ ᠪᠣᠰᠤᠳᠴᠢ ᠪᠠᠶᠡᠯᠡᠭ᠍ᠳᠡᠯ᠃ ᠡᠭᠦᠨ ᠢ (ᠬᠡᠦᠬᠡᠳ ᠠᠩᠭᠢ ᠶᠢᠨ ᠳᠠᠷᠤᠭ᠎ᠠ ᠺᠠᠳᠠ᠋ ᠪᠣᠯᠬᠤ ᠳᠤᠷᠠᠳᠠᠢ ᠶᠢ) ᠣᠯᠠᠩᠭᠢ ᠭᠡᠷ ᠤᠨ ᠠᠬᠠᠮᠠᠤᠨ ᠪᠣᠶᠤ ᠪᠠᠭᠰᠢ᠂ ᠰᠤᠳᠤᠯᠤᠭᠴᠢᠳ ᠵᠦᠪᠰᠢᠶᠠᠷᠠᠵᠤ ᠳᠠᠮᠵᠢᠵᠤ ᠪᠠᠢ᠌ᠨ᠎ᠠ᠃ ᠶᠡᠭᠡ ᠲᠦᠯᠤᠪ ᠰᠠᠢ᠌ᠨ ᠣᠴᠢᠷ ᠭᠡᠵᠤ ᠥᠵᠡᠵᠡᠭᠡᠵᠤ ᠪᠠᠢ᠌ᠨ᠎ᠠ᠃ ᠣᠴᠠᠭᠠᠢ᠌ᠯᠠᠨ ᠡᠴᠢᠭᠡ ᠡᠭᠡ ᠊᠊᠊᠊᠊᠊᠊᠊᠊᠊᠊᠊᠊᠊᠊ ᠭᠡᠷ ᠤᠨ ᠠᠬᠠᠮᠠᠳᠴᠤᠤᠯ᠂ ᠬᠡᠦᠬᠡᠳ ᠠᠩᠭᠢ ᠶᠢᠨ ᠺᠠᠳ᠋ᠷ ᠪᠣᠯᠬᠤ ᠨᠢ᠂ ᠳᠠᠳᠠᠨ ᠤ ᠨᠡᠢ᠌ᠭᠡᠮ ᠨᠠᠢ᠌ᠳᠠ᠂ ᠣᠷᠴᠢᠨ ᠳᠤᠭᠤᠷᠢᠨ ᠳᠠᠭᠠᠨ ᠡᠷᠳᠡᠭᠡᠨ ᠵᠤᠭᠢᠴᠠᠬᠤ ᠳᠤ ᠳᠤᠰᠠᠳᠠᠢ᠃ ᠬᠡᠦᠬᠡᠳ ᠠᠩᠭᠢ ᠶᠢᠨ ᠺᠠᠳ᠋ᠷ ᠪᠣᠯᠪᠠᠯ ᠰᠠ‍‌ᠶᠢ ᠪᠦᠭᠦ ᠳᠠᠯ᠎ᠠ ᠪᠠᠷ ᠭᠦᠮᠦᠵᠢᠭ᠍ᠳᠡᠨ ᠪᠣᠯᠪᠠᠰᠤᠷᠠᠵᠤ ᠬᠤᠵᠢᠮ ᠰᠠᠢ᠌ᠨ ᠰᠠᠢ᠌ᠬᠠᠨ ᠶᠢᠡᠷ ᠶᠠᠪᠣᠵᠤ ᠴᠢᠳᠠᠨ᠎ᠠ ᠭᠡᠵᠤ ᠥᠵᠡᠵᠡᠭᠡᠨ᠎ᠡ᠃ ᠬᠡᠦᠬᠡᠳ ᠤᠨ ᠪᠣᠰᠤᠳ ᠲᠡᠶ ᠬᠠᠷᠢᠴᠠᠬᠤ᠂ ᠦᠪᠡᠷ ᠢ ᠪᠠᠨ ᠦᠪᠡᠷ ᠶᠢᠡᠨ ᠢᠯᠡᠷᠡᠭᠦᠯᠭᠦ᠂ ᠦᠪᠡᠷ ᠢ ᠪᠠᠨ ᠦᠪᠡᠷ ᠶᠢᠡᠨ ᠬᠠᠮᠢᠶᠠᠷᠬᠤ᠂ ᠦᠪᠡᠷ ᠢ ᠪᠠᠨ ᠦᠪᠡᠷ ᠶᠢᠡᠨ ᠳᠠᠪᠳᠠᠨ ᠪᠣᠯᠪᠠᠰᠤᠷᠠᠭᠤᠯᠬᠤ᠂ ᠦᠪᠡᠷ ᠤᠨ ᠵᠠᠩ ᠴᠢᠨᠠᠷ᠂ ᠥᠭᠡ ᠶᠠᠷᠢᠶ᠎ᠠ᠂ ᠣᠢ᠌ᠯᠠ ᠭᠢᠳᠠᠯ ᠵᠡᠷᠭᠡ ᠪᠠᠨ ᠭᠦᠮᠦᠵᠢᠭᠦᠯᠤᠨ ᠪᠣᠯᠪᠠᠰᠤᠷᠠᠭᠤᠯᠬᠤ᠂ ᠴᠢᠨᠠᠭᠰᠢᠯᠠᠨ ᠣᠳᠤᠷᠢᠳᠬᠤ᠂ ᠵᠤᠬᠢᠶᠠᠨ ᠪᠠᠢ᠌ᠭᠤᠯᠬᠤ ᠳᠠᠯ᠎ᠠ ᠶᠢᠨ ᠴᠢᠳᠠᠪᠣᠷᠢ ᠰᠠᠳᠭᠢᠴᠠ ᠪᠠᠨ ᠡᠷᠳᠡᠭᠡᠨ ᠭᠦᠮᠦᠵᠢᠭᠦᠯᠤᠨ ᠪᠣᠢ ᠪᠣᠯᠭᠠᠬᠤ ᠵᠡᠷᠭᠡ ᠳᠤ ᠨᠢ ᠴᠦᠮ ᠠᠰᠢᠭᠳᠠᠢ ᠭᠡᠵᠤ ᠴᠤ ᠥᠵᠡᠵᠡᠭᠡᠨ᠎ᠡ᠃ ᠪᠦᠷ ᠴᠦᠮ ᠬᠡᠦᠬᠡᠳ ᠶᠢᠡᠨ ᠠᠩᠭᠢ ᠶᠢᠨ ᠺᠠᠳ᠋ᠷ ᠪᠣᠯᠭᠠᠶ᠎ᠠ ᠭᠡᠵᠤ ᠴᠤ ᠪᠣᠳᠤᠵᠠᠭᠠᠨ᠎ᠠ᠃ ᠳᠠᠩ ᠭᠠᠭᠴᠠ ᠪᠠᠶᠠᠴᠢ ᠳᠠᠯ᠎ᠠ ᠡᠴᠡ ᠨᠢ ᠠᠪᠴᠤ ᠦᠵᠡᠪᠠᠯ᠂ ᠡᠨᠡ ᠦᠵᠡᠯᠳᠠ ᠵᠦᠪ ᠦᠵᠡᠯᠳᠠ᠂ ᠵᠦᠪ ᠪᠣᠳᠤᠯᠳᠠ᠃ ᠣᠯᠠᠩᠭᠢ ᠪᠠᠭᠰᠢ᠂ ᠰᠤᠳᠤᠯᠤᠭᠴᠢ᠂ ᠭᠡᠷ᠎ ᠤᠨ ᠠᠬᠠᠮᠠᠤᠨ ᠨᠡᠷ ᠢᠩᠭᠢᠵᠤ ᠥᠵᠡᠵᠡᠭᠡᠵᠤ ᠪᠣᠢ᠃

ᠪᠣᠰᠤᠳᠴᠢ ᠳᠠᠯ᠎ᠠ ᠡᠴᠡ ᠨᠢ ᠬᠠᠷᠠᠪᠠᠯ᠂ ᠬᠡᠦᠬᠡᠳ ᠪᠣᠯᠭᠠᠨ ᠠᠩᠭᠢ ᠶᠢᠨ ᠺᠠᠳ᠋ᠷ ᠪᠣᠯᠤᠨ᠎ᠠ ᠭᠡᠭᠦ ᠪᠣᠶᠤ ᠠᠩᠭᠢ ᠶᠢᠨ ᠺᠠᠳ᠋ᠷ ᠪᠣᠯᠬᠤ ᠭᠢᠷᠢ ᠭᠡᠮ ᠬᠠᠷᠠᠬᠠᠨ ᠭᠦᠷᠦᠭᠡᠳᠦᠢ ᠪᠠᠢ᠌ᠳᠠᠯ᠎ ᠳᠤᠤᠷ᠎ᠠ ᠠᠩᠭᠢ ᠶᠢᠨ ᠺᠠᠳ᠋ᠷ ᠪᠣᠯᠤᠨ᠎ᠠ ᠭᠡᠭ᠍ᠴᠢ ᠳᠠᠢ᠌ᠮᠤ ᠭᠢᠯᠪᠠᠷ ᠶᠠᠪᠣᠳᠠᠯ ᠪᠢᠰᠢ᠂ ᠰᠠᠢ᠌ᠨ ᠣᠴᠢᠷ ᠪᠢᠰᠢ᠃ ᠨᠥᠭᠦᠭᠡ ᠨᠢᠭᠡ ᠳᠠᠯ᠎ᠠ ᠊᠊᠊᠊᠊᠊᠊᠊᠊᠊᠊᠊᠊᠊᠊ ᠰᠤᠯᠤᠭᠠᠢ ᠳᠠᠯ᠎ᠠ ᠰᠤᠠᠳᠤᠭᠠᠢ ᠵᠥᠭ᠌ ᠲᠤ ᠪᠠᠨ ᠭᠦᠭ᠍ᠵᠢᠭᠦ᠂ ᠴᠢᠭᠯᠡᠭᠦ ᠬᠠᠠᠳᠤᠰᠢ ᠲᠡᠶ ᠪᠠᠢ᠌ᠳᠠᠭ᠃ ᠨᠠᠷᠢᠨ ᠰᠢᠭ ᠭᠡᠯᠡᠪᠠᠯ᠄

1. ᠠᠩᠭᠢ ᠶᠢᠨ ᠺᠠᠳ᠋ᠷ ᠪᠣᠯᠬᠤ ᠭᠢᠷᠢ ᠭᠡᠮ ᠦᠭᠡᠶ ᠬᠡᠦᠬᠡᠳ ᠠᠯᠪᠠ ᠪᠠᠷ ᠠᠩᠭᠢ ᠶᠢᠨ ᠺᠠᠳ᠋ᠷ ᠪᠣᠯᠪᠠᠯ᠂ ᠠᠩᠭᠢ ᠪᠠᠨ ᠣᠳᠤᠷᠢᠳᠴᠤ ᠵᠤᠬᠢᠶᠠᠨ ᠪᠠᠢ᠌ᠭᠤᠯᠵᠤ ᠠᠵᠢᠯ ᠶᠢᠡᠨ ᠵᠥᠭ᠍ᠳᠡᠢ ᠭᠢᠵᠤ ᠶᠠᠪᠣᠭᠳᠠᠭᠤᠯᠵᠤ ᠴᠢᠳᠠᠬᠤ ᠦᠭᠡᠶ ᠡᠴᠡ ᠪᠣᠯᠵᠤ ᠰᠡᠳᠭᠢᠯ ᠰᠠᠨᠠᠭᠠᠨ ᠳᠤ ᠨᠢ ᠳᠠᠷᠤᠯᠳᠠ᠂ ᠳᠠᠷᠤᠴᠠ ᠪᠣᠯᠬᠤ ᠣᠴᠢᠷ ᠭᠠᠷᠳᠠᠭ᠃

2. ᠵᠠᠷᠢᠮ ᠬᠡᠦᠬᠡᠳ ᠠᠩᠭᠢ ᠶᠢᠨ ᠺᠠᠳ᠋ᠷ ᠪᠣᠯᠤᠭᠰᠠᠨ ᠡᠴᠡ ᠪᠣᠯᠵᠤ ᠥᠩᠭᠡᠷᠡᠤ ᠣᠮᠤᠷᠬᠠᠭ ᠰᠠᠭᠰᠠᠭᠤ᠂ ᠣᠩᠭᠢᠷᠠᠭ᠎ᠠ ᠪᠠᠷᠳᠠᠮ ᠪᠣᠯᠵᠤ᠂ ᠭᠦᠮᠤᠨ ᠢ ᠬᠠᠮᠢᠶᠠᠷᠬᠤ ᠪᠠᠢ᠌ᠳᠤᠭᠠᠢ ᠪᠠᠶ᠎ᠠ ᠪᠠᠨ ᠴᠤ ᠬᠠᠮᠢᠶᠠᠷᠴᠤ ᠴᠢᠳᠠᠬᠤ ᠦᠭᠡᠶ ᠭᠡᠮᠡᠷ ᠪᠣᠯᠬᠤ ᠭᠢᠷᠢ ᠭᠡᠮᠵᠢᠶᠡᠨ ᠳᠤ ᠭᠦᠷᠳᠡᠭ᠌᠃

3. ᠵᠠᠷᠢᠮ ᠬᠡᠦᠬᠡᠳ ᠠᠩᠭᠢ ᠶᠢᠨ ᠺᠠᠳ᠋ᠷ ᠪᠣᠯᠴᠢᠬᠠᠭᠠᠤᠨ᠂ ᠠᠩᠭᠢ ᠶᠢᠨ ᠺᠠᠳ᠋ᠷ ᠤᠨ ᠠᠵᠢᠯ ᠶᠢᠡᠨ ᠣᠯᠢᠭᠳᠠᠢ ᠵᠥᠭ᠍ᠳᠡᠢ ᠭᠢᠵᠤ ᠴᠢᠳᠠᠬᠤ ᠦᠭᠡᠶ ᠡᠴᠡ ᠪᠣᠯᠵᠤ᠂ ᠡᠨᠡ ᠠᠵᠢᠯ (ᠠᠩᠭᠢ ᠶᠢᠨ ᠺᠠᠳ᠋ᠷ ᠤᠨ ᠠᠵᠢᠯ) ᠳ᠋ᠤ ᠰᠡᠳᠭᠢᠯ ᠬᠠᠷᠢᠬᠤ᠂ ᠳᠠᠷᠠᠴᠢᠯᠠᠨ ᠠᠯᠢᠪᠠ ᠣᠳᠤᠷᠢᠳᠴᠤ ᠵᠤᠬᠢᠶᠠᠨ ᠪᠠᠢ᠌ᠭᠤᠯᠬᠤ ᠠᠵᠢᠯ ᠳᠤ ᠰᠡᠳᠭᠢᠯ ᠬᠠᠷᠢᠬᠤ᠂ ᠰᠤᠨᠢᠭᠤᠴᠢ ᠰᠡᠳᠭᠢᠯ ᠦᠭᠡᠶ ᠪᠣᠯᠬᠤ ᠪᠠᠢ᠌ᠳᠠᠯ ᠵᠡᠷᠭᠡ ᠴᠤ ᠭᠠᠷᠳᠠᠭ᠃ ᠬᠤᠵᠢᠮ ᠡᠨᠡ ᠠᠵᠢᠯ ᠢ ᠳᠠᠭᠢᠵᠤ ᠭᠢᠯᠭᠡᠪᠠᠯ᠂ ᠡᠨᠡ ᠠᠵᠢᠯ ᠳᠤ ᠬᠠᠰᠢ ᠶᠠᠰᠢ ᠬᠠᠠᠳᠤᠬᠤ᠂ ᠬᠠᠢ᠌ᠩᠭ᠋ᠤ ᠬᠣᠢ᠌ᠩᠭ᠋ᠤ ᠪᠠᠷ ᠭᠢᠵᠤ ᠭᠦᠢᠴᠡᠳᠭᠡᠵᠤ ᠦᠭ‍ᠭᠦ ᠵᠡᠷᠭᠡ ᠢᠯᠠᠷᠠᠯ ᠪᠠᠢ᠌ᠳᠠᠯ ᠴᠤ ᠢᠯᠡᠷᠡᠳᠡᠭ᠌᠃

ᠬᠡᠦᠬᠡᠳ ᠤᠨ ᠠᠩᠭᠢ ᠶᠢᠨ ᠺᠠᠳ᠋ᠷ ᠪᠣᠯᠬᠤ ᠳᠤ᠂ ᠭᠡᠷ ᠤᠨ ᠠᠬᠠᠮᠠᠤᠨ ᠪᠠ ᠪᠠᠭᠰᠢ ᠨᠡᠷ ᠵᠦᠪ ᠳᠠᠨᠢᠯᠳᠠ ᠲᠡᠶ ᠪᠠᠢ᠌ᠬᠤ ᠭᠡᠷᠡᠭ᠍ᠳᠡᠢ᠃ ᠬᠡᠦᠬᠡᠳ ᠠᠩᠭᠢ ᠶᠢᠨ ᠺᠠᠳ᠋ᠷ ᠪᠣᠯᠪᠠᠯ ᠯᠠ ᠰᠠ‍‌ᠶᠢ ᠰᠠᠢ᠌ᠨ ᠰᠠᠢ᠌ᠬᠠᠨ ᠶᠢᠡᠷ ᠭᠦᠮᠦᠵᠢᠭ᠍ᠳᠡᠵᠤ ᠴᠢᠳᠠᠨ᠎ᠠ ᠭᠡᠰᠡᠨ ᠣᠴᠢᠷ ᠦᠭᠡᠶ᠃ ᠡᠢ᠌ᠮᠤ ᠥᠭᠦᠯᠡᠭᠦᠳᠤ ᠣᠴᠢᠷ ᠪᠠᠢ᠌ᠵᠤ ᠪᠣᠯᠬᠤ ᠦᠭᠡᠶ᠃ ᠭᠡᠷ ᠤᠨ ᠠᠬᠠᠮᠠᠤᠨ ᠴᠤ ᠡᠨᠡ ᠣᠴᠢᠷ ᠲᠤ ᠢᠩᠭᠢᠵᠤ ᠥᠭᠦᠯᠡᠭᠦᠳᠤ ᠪᠠᠷ ᠬᠠᠠᠳᠤᠵᠤ ᠪᠣᠯᠬᠤ ᠦᠭᠡᠶ᠃

ᠬᠡᠦᠬᠡᠳ ᠠᠩᠭᠢ ᠶᠢᠨ ᠺᠠᠳ᠋ᠷ ᠪᠣᠯᠤᠭᠰᠠᠨ ᠴᠤ᠂ ᠪᠣᠯᠤᠭᠰᠠᠨ ᠦᠭᠡᠶ ᠴᠤ᠂ ᠪᠠᠭᠰᠢ ᠭᠡᠷ ᠤᠨ ᠠᠬᠠᠮᠠᠤᠨ ᠤᠨ ᠶᠢᠡᠨ ᠥᠭᠡ ᠶᠢ ᠰᠠᠢ᠌ᠬᠠᠨ ᠰᠤᠨᠤᠰᠴᠤ᠂ ᠶᠤᠰᠤ ᠨᠤᠮ ᠲᠡᠶ ᠪᠠᠢ᠌ᠵᠤ᠂ ᠭᠢᠴᠢᠶᠠᠯ ᠰᠤᠷᠤᠯᠭ᠎ᠠ ᠳᠠᠭᠠᠨ ᠰᠢᠮᠳᠠᠵᠤ᠂ ᠡᠯ᠎ᠡ ᠵᠣᠢ᠌ᠯ ᠤᠨ ᠠᠵᠢᠯᠯᠠᠭ᠎ᠠ ᠭᠦᠳᠡᠯᠭᠡᠭᠡᠨ ᠳᠤ ᠢᠳᠠᠪᠭᠢᠳᠠᠢ ᠣᠷᠤᠯᠴᠠᠭᠠᠤᠨ ᠯᠠ ᠪᠠᠢ᠌ᠬᠤ ᠶᠤᠮ ᠪᠣᠯ᠂ ᠠᠩᠭᠢ ᠶᠢᠨ ᠺᠠᠳ᠋ᠷ ᠪᠣᠯᠤᠭᠰᠠᠨ ᠲᠡᠶ ᠨᠢᠭᠡᠨ ᠠᠳᠠᠯᠢ ᠰᠠᠢ᠌ᠨ ᠰᠠᠢ᠌ᠬᠠᠨ ᠶᠢᠡᠷ ᠭᠦᠮᠦᠵᠢᠭ᠍ᠳᠡᠵᠤ ᠶᠠᠪᠣᠵᠤ ᠴᠢᠳᠠᠨ᠎ᠠ᠃ ᠡᠨᠡ ᠪᠣᠯ ᠮᠢᠨᠤ ᠡᠴᠦᠰ ᠲᠤ ᠭᠡᠯᠡᠭᠦ ᠥᠭᠡ᠃


2011.03.12 ᠳ᠋ᠤ ᠨᠤᠤᠷᠠᠭᠯᠠᠵᠤ᠂ 2011.11.06 ᠳ᠋ᠤ ᠪᠠᠭ᠎ᠠ ᠵᠠᠰᠠᠯᠳᠠ ᠣᠷᠤᠭᠤᠯᠪᠠ᠃


* ᠳᠤᠰ ᠵᠤᠬᠢᠶᠠᠯ ᠪᠣᠯ ᠮᠢᠨᠤ 2011.02.24 ᠊ᠤ ᠦᠳᠡ ᠶᠢᠨ 12 ᠴᠠᠭ ᠲᠤ᠂ ᠦᠪᠣᠷ ᠮᠤᠩᠭ᠋ᠤᠯ ᠤᠨ ᠮᠤᠩᠭ᠋ᠤᠯ ᠷᠠᠳᠢᠤ᠋ ᠶᠢᠨ 《ᠰᠤᠨᠢᠨ ᠮᠡᠳᠡᠭ᠍ᠡᠨ ᠤ ᠦᠷᠭᠡᠨ ᠬᠠᠷᠠᠭᠠᠰᠤ》 ᠰᠢᠭᠤᠳ ᠨᠡᠪᠳᠡᠷᠡᠭᠦᠯᠭᠡ ᠶᠢᠨ 《ᠬᠡᠦᠬᠡᠳ ᠠᠩᠭᠢ ᠶᠢᠨ ᠺᠠᠳ᠋ᠷ ᠪᠣᠯᠬᠤ ᠳᠤᠬᠠᠢ᠁》 ᠶᠠᠷᠢᠯᠴᠠᠭᠠᠨ ᠳᠤ ᠣᠷᠤᠯᠴᠠᠭᠠᠤᠨ ᠶᠠᠷᠢᠭᠰᠠᠨ ᠶᠠᠷᠢᠶᠠᠨ ᠤ ᠡᠭᠡ ᠨᠤᠤᠷᠠᠭ ᠪᠣᠯᠤᠨ᠎ᠠ᠃ ᠡ᠊ᠨᠳᠠ ᠨᠡᠢ᠌ᠳᠡᠯᠡᠭᠦ ᠳᠡᠭᠡᠨ ᠪᠠᠭ᠎ᠠ ᠡᠮᠭᠢᠯᠡᠨ ᠳᠤᠪᠴᠢᠯᠠᠪᠠ᠃



ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2098
ᠴᠠᠭ᠄ 2012 ᠤᠨ ᠤ 02 ᠰᠠᠷ᠎ᠠ ᠶᠢᠨ 26