ᠮᠢᠨᠤ ᠬᠤᠷᠸ᠎ᠠ
1986 ᠣᠨ ᠳᠤ ᠪᠢᠴᠢᠭ᠍ᠰᠡᠨ ᠣᠬᠤᠷ ᠰᠢᠯᠦᠭᠯᠡᠯ ᠤᠳ (ᠭᠤᠷᠪᠠ)

ᠮᠢᠨᠤ ᠬᠤᠷᠸ᠎ᠠ


ᠨᠠᠷᠠ ᠬᠤᠷ᠎ᠠ ᠲᠡᠶ ᠪᠠᠨ

ᠭᠦᠮᠤᠨ ᠤ ᠬᠤᠷᠸ᠎ᠠ

ᠣᠶᠠᠰᠤᠨ ᠨᠠᠮᠠᠢ᠌ᠨ᠎ᠠ᠂

ᠨᠠᠢ᠌ᠷᠠᠭ ᠳᠠᠭᠤᠤ ᠲᠡᠶ ᠪᠠᠨ

ᠮᠢᠨᠤ ᠬᠤᠷᠸ᠎ᠠ

ᠠᠭᠤᠵᠢᠮᠬᠠᠨ ᠨᠠᠯᠠᠢ᠌ᠨ᠎ᠠ᠃


ᠰᠠᠮᠪᠠᠷ᠎ᠠ


ᠵᠢᠰᠤ ᠨᠢ ᠬᠠᠷ᠎ᠠ ᠴᠤ

ᠵᠢᠷᠦᠭᠡ ᠨᠢ ᠴᠠᠭᠠᠨ ᠶᠤᠮ᠂

ᠵᠣᠢ᠌ᠯ ᠤᠨ ᠮᠡᠳᠡᠯᠭᠡ ᠵᠢ

ᠡᠵᠡᠮᠰᠢᠭ᠍ᠴᠢ ᠲᠦᠮᠡᠨ ᠳ᠋ᠤ

ᠵᠢᠦᠡᠭᠦᠯ ᠶᠢᠡᠨ ᠬᠠᠢ᠌ᠷᠠᠯᠠᠭᠴᠢ

ᠪᠠᠭᠰᠢ ᠶᠤᠮ᠃


ᠦᠷ ᠤᠨ ᠳᠤᠯᠤᠩ


ᠠᠭᠤᠰᠭᠢᠨ ᠣᠯᠠᠭᠠᠨ

ᠦᠷ ᠤᠨ ᠳᠤᠯᠤᠩ

ᠣᠠᠳᠠᠭᠰᠠᠨ ᠳᠡᠭ᠍ᠷᠢ ᠵᠢᠨ

ᠵᠡᠭᠦᠨ ᠬᠠᠴᠠᠷ ᠢ

ᠢᠯᠪᠢᠨ ᠢᠨᠢᠶᠡᠯᠭᠡᠭᠦᠶ᠎ᠡ

ᠣᠬᠠᠭᠠᠨ ᠶᠢᠡᠷ ᠭᠡᠯᠭᠢᠯᠳᠦᠭ᠍ᠰᠡᠨ

ᠠᠶᠠᠨ ᠤ ᠣᠳᠤᠳ

ᠣᠶᠠᠰᠤᠨ

ᠬᠠᠢ᠌ᠯᠤᠨ

ᠣᠨᠠᠨ

ᠳᠤᠰᠤᠨ᠎ᠠ᠁


ᠦᠳᠡᠰᠢ


ᠭᠦᠮᠤᠨ ᠤ

ᠭᠦᠭᠡᠷᠦᠭᠦᠨ ᠪᠣᠳᠤᠯ ᠤᠳ

ᠠᠭᠤᠯᠠ ᠶᠢᠨ ᠣᠷᠤᠢ ᠰᠢᠤ

ᠱᠤᠪᠣᠢ᠌ᠯᠴᠠᠵᠤ᠁


ᠳᠠᠷ᠎ᠠ ᠶᠢᠨ ᠥᠵᠦᠭᠦᠷ

ᠲᠦᠰᠢᠨ

ᠨᠠᠯᠠᠨ ᠣᠨᠠᠨ᠎ᠠ ᠡ᠁


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1570
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ