ᠳᠠᠭᠢᠯᠭ᠎ᠠ

ᠣᠷᠭᠤᠬᠤ ᠨᠠᠷᠠᠨ ᠤ ᠣᠯᠠᠪᠢᠷ ᠳᠤᠶᠠᠭ᠎ᠠ ᠡᠴᠠ

             ᠨᠢᠭᠡᠨ ᠵᠤᠷᠪᠣᠰ ᠢ ᠵᠢᠭᠡᠯᠡᠵᠤ᠂

ᠣᠠᠳᠤᠷᠬᠤ ᠪᠣᠯᠠᠭ ᠤᠨ ᠳᠤᠩᠭ᠋ᠠᠯᠠᠭ ᠷᠠᠰᠢᠶᠠᠨ ᠡᠴᠠ

             ᠨᠢᠭᠡᠨ ᠳᠤᠰᠤᠯ ᠢ ᠳᠤᠰᠴᠤ᠂

ᠣᠨᠠᠭᠰᠠᠨ ᠰᠢᠷᠤᠢ ᠶᠢᠨ ᠰᠢᠮᠠᠳᠤ ᠭᠦᠷᠦᠰᠤ ᠡᠴᠠ

             ᠨᠢᠭᠡᠨ ᠠᠳᠬᠤ ᠶᠢ ᠠᠪᠴᠤ᠂

ᠠᠭᠤᠯᠠ ᠣᠰᠤᠨ ᠤ ᠨᠢᠪᠳᠠᠭ ᠰᠢᠪᠳᠠᠭ ᠳᠤ

             ᠡᠷᠭᠦᠯ ᠪᠣᠯᠭᠠᠨ ᠪᠠᠷᠢᠨᠠᠮ᠃


ᠠᠯᠳᠠᠨ ᠳᠡᠯᠡᠭᠡᠢ ᠳᠤ ᠭᠦᠰᠡᠷ ᠭᠢᠰᠭᠢᠭᠦ ᠳ᠋ᠡᠭᠡᠨ

             ᠴᠢᠨᠤ ᠡᠯᠢᠭᠡᠨ ᠳᠤ ᠳᠦᠷᠦᠭ᠍ᠰᠡᠨ ᠡᠴᠠ᠂

ᠠᠯᠳᠠ ᠪᠠᠶ᠎ᠠ ᠶᠢᠨ ᠠᠮᠢᠨ ᠰᠦᠨᠠᠰᠤ ᠮᠠᠨᠢ

             ᠴᠢᠨᠤ ᠷᠢᠳᠢ ᠪᠠᠷ ᠪᠦᠳᠦᠭ᠍ᠰᠡᠨ ᠡᠴᠠ᠂

ᠠᠭᠳᠠ ᠶᠢᠨ ᠨᠢᠷᠤᠭᠤᠨ ᠳᠤ ᠡᠷ᠎ᠡ ᠭᠡᠮᠡᠭᠦ ᠳ᠋ᠡᠭᠡᠨ

             ᠴᠢᠨᠤ ᠢᠪᠠᠭᠡᠯ ᠢ ᠭᠦᠷᠳᠡᠭ᠍ᠰᠡᠨ ᠡᠴᠠ᠂

ᠠᠯᠳᠠ ᠡᠴᠠ ᠦᠨᠡᠳᠠᠢ ᠡᠨᠡ ᠭᠤᠷᠪᠠ ᠵᠢ

             ᠳᠠᠭᠢᠯᠭ᠎ᠠ ᠪᠣᠯᠭᠠᠨ ᠳᠠᠯᠪᠢᠨᠠᠮ᠃


ᠠᠭᠤᠯᠠ ᠶᠢᠨ ᠰᠠᠭᠢᠭᠤᠰᠤ ᠣᠰᠤᠨ ᠤ ᠰᠢᠪᠳᠠᠭ ᠳᠤ

             ᠴᠢᠩ ᠦᠨᠡᠨ ᠶᠢᠡᠷ ᠰᠥᠰᠦᠭᠯᠡᠨ᠂

ᠡᠴᠢᠭᠡ ᠲᠡᠭᠷᠢ ᠡᠭᠡ ᠭᠠᠵᠠᠷ ᠳᠤ

             ᠵᠠᠯᠪᠠᠷᠢᠨ ᠪᠠᠢ᠌ᠵᠤ ᠮᠦᠷᠭᠦᠵᠤ᠂

ᠴᠠᠪᠠᠷ ᠤᠨ ᠳᠡᠭᠡᠵᠢ ᠠᠷᠢᠭᠤᠨ ᠤ ᠣᠭᠢ ᠪᠠᠷ

             ᠳᠠᠭᠢᠯᠭ᠎ᠠ ᠳᠠᠯᠪᠢᠭᠰᠠᠨ ᠤ ᠰᠢᠯᠳᠠᠭᠠᠨ᠂

ᠴᠢᠭ᠍ᠴᠢ ᠰᠠᠨᠠᠭ᠎ᠠ ᠦᠨᠡᠠᠴᠢ ᠰᠡᠳᠭᠢᠯ ᠵᠢᠠᠷ

             ᠭᠤᠶᠤᠵᠤ ᠳᠠᠭᠠᠳᠬᠠᠬᠤ ᠶᠢᠨ ᠣᠴᠢᠷ᠄


ᠦᠷᠭᠡᠨ ᠠᠭᠤᠳᠠᠮ ᠰᠠᠢ᠌ᠬᠠᠨ ᠳᠠᠯ᠎ᠠ ᠮᠢᠨᠢ

             ᠴᠡᠩᠭᠡᠷ ᠭᠡᠪ ᠶᠢᠡᠷ ᠶᠢᠡᠨ ᠪᠠᠢ᠌ᠭᠠᠰᠠᠢ᠂

ᠡᠭᠦᠯᠡᠨ ᠭᠡ ᠲᠡᠶ ᠭᠦᠭᠡ ᠠᠭᠠᠷ ᠮᠢᠨᠢ

             ᠴᠠᠪᠠᠷ ᠭᠡᠪ ᠶᠢᠡᠷ ᠶᠢᠡᠨ ᠪᠠᠢ᠌ᠭᠠᠰᠠᠢ᠂

ᠨᠠᠭᠤᠷ ᠪᠣᠯᠠᠭ ᠭᠤᠤᠯ ᠭᠤᠷᠤᠬ᠎ᠠ ᠮᠢᠨᠢ

             ᠳᠤᠩᠭ᠋ᠠᠯᠠᠭ ᠭᠡᠪ ᠶᠢᠡᠷ ᠶᠢᠡᠨ ᠪᠠᠢ᠌ᠭᠠᠰᠠᠢ᠂

ᠨᠤᠳᠤᠭ ᠣᠰᠤᠨ ᠤ ᠠᠢ᠌ᠯ ᠰᠠᠭᠠᠬᠠᠯᠳᠠ ᠮᠢᠨᠢ

             ᠠᠵᠢᠯᠰᠠᠭ ᠭᠡᠪ ᠶᠢᠡᠷ ᠶᠢᠡᠨ ᠪᠠᠢ᠌ᠭᠠᠰᠠᠢ ︕


ᠦᠷ᠎ᠡ ᠲᠡᠶ ᠡᠰᠢ ᠲᠡᠶ ᠲᠦᠮᠡᠨ ᠣᠷᠭᠤᠮᠠᠯ

             ᠳᠦᠷᠤᠯ ᠨᠢ ᠪᠦᠷᠢᠨ ᠪᠠᠢ᠌ᠭᠠᠰᠠᠢ᠂

ᠦᠨᠳᠦᠰᠦ ᠲᠡᠶ ᠨᠠᠮᠠᠭ᠎ᠠ ᠲᠡᠶ ᠮᠤᠩᠭ᠋ᠤᠯ ᠭᠦᠮᠤᠨ ᠤ

             ᠣᠢ᠌ᠯᠠᠰ ᠨᠢ ᠭᠡᠪ ᠶᠢᠡᠷ ᠶᠢᠡᠨ ᠪᠠᠢ᠌ᠭᠠᠰᠠᠢ᠂

ᠥᠩᠭᠡ ᠶᠢᠨ ᠴᠡᠴᠡᠭ᠌ ᠳᠠᠯ᠎ᠠ ᠶᠢᠨ ᠪᠠᠯᠴᠢᠭᠡᠷ

             ᠰᠡᠷᠮᠡᠭᠦᠨ ᠭᠡᠪ ᠶᠢᠡᠷ ᠶᠢᠡᠨ ᠪᠠᠢ᠌ᠭᠠᠰᠠᠢ᠂

ᠡᠪᠦᠭᠡ ᠶᠢᠨ ᠥᠯᠡᠳᠡᠭᠡᠭ᠍ᠰᠡᠨ ᠮᠠᠯ ᠰᠦᠷᠦᠭ᠌ ᠤᠨ

             ᠬᠤᠰᠢᠭᠤ ᠨᠢ ᠪᠦᠷᠢᠨ ᠪᠠᠢ᠌ᠭᠠᠰᠠᠢ ︕


ᠳᠤᠰᠤ ᠨᠡᠪᠴᠢᠭ᠍ᠰᠡᠨ ᠦᠩ ᠪᠠᠯᠴᠢᠭᠡᠷ

             ᠡᠷᠡᠭᠦᠯ ᠭᠡᠪ ᠶᠢᠡᠷ ᠶᠢᠡᠨ ᠪᠠᠢ᠌ᠭᠠᠰᠠᠢ᠂

ᠳᠤᠨᠤᠷᠠᠬᠤ ᠨᠠᠷᠠ ᠱᠠᠭᠢᠬᠤ ᠬᠤᠷ᠎ᠠ

             ᠲᠡᠩᠴᠡᠬᠦᠨ ᠭᠡᠪ ᠶᠢᠡᠷ ᠶᠢᠡᠨ ᠪᠠᠢ᠌ᠭᠠᠰᠠᠢ᠂

ᠳᠤᠭᠤᠨᠤ ᠲᠡᠶ ᠭᠡᠷ ᠤᠨ ᠭᠠᠯ ᠳᠤᠯᠭ᠎ᠠ ᠮᠢᠨᠢ

             ᠰᠠᠭᠤᠷᠢ ᠨᠢ ᠪᠠᠭᠢᠵᠢᠭᠦᠨ ᠪᠠᠢ᠌ᠭᠠᠰᠠᠢ᠂

ᠳᠤᠭᠤᠭᠠᠨ ᠳᠤ ᠨᠡᠷᠡᠭ᠍ᠰᠡᠨ ᠰᠠᠭᠠᠯᠢ ᠶᠢᠨ ᠠᠷᠢᠭᠢ

             ᠢᠳᠠ ᠨᠢ ᠭᠡᠪ ᠶᠢᠡᠷ ᠶᠢᠡᠨ ᠪᠠᠢ᠌ᠭᠠᠰᠠᠢ ︕


ᠡᠷ᠎ᠡ ᠶᠢᠨ ᠰᠦᠯᠳᠡ ᠬᠤᠰᠤᠨ ᠣᠷᠭ᠎ᠠ

             ᠰᠤᠩᠭᠣᠢ᠌ᠭᠰᠠᠨ ᠭᠡᠪ ᠶᠢᠡᠷ ᠶᠢᠡᠨ ᠪᠠᠢ᠌ᠭᠠᠰᠠᠢ᠂

ᠡᠩᠭᠡ ᠠᠮᠤᠭᠤᠯᠠᠩ ᠭᠦᠳᠡᠭᠡ ᠶᠢᠨ ᠠᠮᠢᠳᠤᠷᠠᠯ

             ᠳᠠᠭᠤᠤ ᠲᠡᠶ ᠭᠦᠷ ᠲᠡᠶ ᠪᠠᠢ᠌ᠭᠠᠰᠠᠢ᠂

ᠡᠳ᠋ ᠭᠦᠷᠦᠩᠭᠡ ᠠᠪᠳᠠᠷ᠎ᠠ ᠳᠦᠭᠦᠷᠡᠩ

             ᠡᠯᠪᠠᠭ᠌ ᠳᠡᠯᠪᠠᠭ᠌ ᠪᠠᠢ᠌ᠭᠠᠰᠠᠢ᠂

ᠡᠭᠦᠳᠡ ᠡᠷᠦᠭᠡ ᠮᠢᠨᠢ ᠥᠭᠡᠳᠡ ᠡᠰᠡᠷᠡᠭ᠌

             ᠦᠯᠵᠡᠢ ᠣᠷᠤᠰᠢᠬᠤ ᠪᠣᠯᠤᠭᠠᠰᠠᠢ ︕


ᠮᠠᠩᠨᠤᠭ ᠳᠠᠯ᠎ᠠ ᠶᠢᠨ ᠭᠠᠵᠠᠷ ᠯᠤᠤᠰ

             ᠣᠩᠭ᠋ᠤᠨ ᠭᠡᠪ ᠶᠢᠡᠷ ᠶᠢᠡᠨ ᠪᠠᠢ᠌ᠭᠠᠰᠠᠢ᠂

ᠮᠠᠯᠴᠢᠨ ᠵᠠᠶᠠᠭᠠᠳᠠᠢ ᠭᠦᠳᠡᠭᠡ ᠶᠢᠨ ᠭᠦᠮᠦᠰ

             ᠨᠤᠳᠤᠭ ᠲᠠᠭᠠᠨ ᠡᠵᠡᠨ ᠶᠢᠡᠷ ᠶᠢᠡᠨ ᠪᠠᠢ᠌ᠭᠠᠰᠠᠢ᠂

ᠳᠡᠭᠡᠵᠢᠯᠡᠵᠤ ᠳᠠᠭᠢᠭᠰᠠᠨ ᠨᠢᠪᠳᠠᠭ ᠰᠢᠪᠳᠠᠭ

             ᠳᠡᠷᠭᠡᠳᠡ ᠮᠢᠨᠢ ᠭᠡᠵᠢᠶᠡᠳᠡ ᠪᠠᠢ᠌ᠭᠠᠰᠠᠢ᠂

ᠳᠡᠭ᠍ᠵᠢᠷᠡᠭᠦ ᠬᠤᠪᠢ ᠲᠡᠶ ᠮᠢᠨᠤ ᠥᠯᠦᠭᠡᠢ ᠵᠢ

             ᠦᠷᠭᠦᠯᠵᠢ ᠦᠷᠦᠰᠢᠶᠡᠭᠦ ᠪᠣᠯᠤᠭᠠᠰᠠᠢ ︕


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠤ ᠪᠠᠯᠭᠠᠷ ᠵᠡᠭᠡᠯᠢ ᠵᠢᠨ 18 ᠳ᠋ᠤᠭᠠᠷ ᠳᠤᠭᠣᠢ᠌ᠯᠠᠩ ᠤᠨ 43 ᠳ᠋ᠤᠭᠠᠷ ᠨᠤᠮᠸᠷ

ᠵᠤᠬᠢᠶᠠᠭᠴᠢ᠄ ᠨᠡᠰᠦᠡᠮᠦ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1622
ᠴᠠᠭ᠄ 2012 ᠤᠨ ᠤ 06 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ