ᠭᠦᠭᠡᠢ ᠶᠢᠨ ᠳᠠᠭᠤᠤ
᠊᠊᠊᠊᠊᠊᠊᠊᠊᠊᠊᠊᠊᠊᠊ ᠳᠠᠭᠤᠨ ᠤ ᠥᠭᠡᠳᠦᠷᠪᠠᠩ ᠳᠦᠷᠪᠠᠩ ᠬᠤᠳᠤᠯᠵᠢᠬᠤ

ᠳᠤᠭᠤᠷᠠᠢ ᠶᠢᠨ ᠴᠢᠮᠡᠭᠡ ᠰᠤᠨᠤᠰᠳᠠᠨ᠎ᠠ᠂

ᠳᠠᠯ᠎ᠠ ᠶᠢᠨ ᠭᠦᠪᠠᠭᠡᠨ ᠤ ᠴᠠᠭᠠᠨ᠎ᠠ ᠡᠴᠡ

ᠳᠤᠭᠤᠰᠤ ᠨᠢ ᠪᠣᠰᠴᠤ ᠬᠠᠷᠠᠭᠳᠠᠨ᠎ᠠ᠂

       ᠳᠡᠭᠦᠯᠢᠭᠦ ᠮᠤᠷᠢᠳ ᠤᠨ ᠨᠢᠷᠤᠭᠤᠨ ᠳᠡᠭᠡᠷ᠎ᠡ

       ᠳᠤᠭ ᠰᠢᠭ ᠳᠠᠷᠪᠠᠵᠤ ᠬᠠᠷᠠᠭᠳᠠᠬᠤ

       ᠳᠤᠷᠭᠠᠨ ᠬᠤᠭᠤᠯᠠᠢ ᠲᠡᠶ ᠬᠡᠦᠬᠡᠳ ᠤᠳ ᠤᠨ

       ᠭᠦᠭᠡᠢ ᠶᠢᠨ ᠳᠠᠭᠤᠤ ᠰᠤᠨᠤᠰᠳᠠᠨ᠎ᠠ᠂

ᠴᠤᠮᠪᠤᠨ ᠴᠤᠮᠪᠤᠨ ᠳᠤᠭᠤᠷᠠᠢ ᠡᠴᠡ ᠨᠢ

ᠴᠢᠯᠠᠭᠤ ᠪᠣᠳᠠᠷᠠᠵᠤ ᠪᠣᠰᠤᠨ᠎ᠠ ᠳ᠋ᠤᠤ︕

ᠨᠤᠭᠤᠭᠠᠨ ᠤ ᠰᠤᠷ ᠲᠡᠶ ᠳᠤᠭᠤᠰᠤᠨ ᠡᠴᠡ

ᠨᠤᠮᠤ ᠰᠢᠭ ᠬᠠᠷᠪᠣᠵᠤ ᠬᠠᠷᠠᠭᠳᠠᠨ᠎ᠠ᠂

       ᠳᠡᠭᠦᠯᠢᠭᠦ ᠮᠤᠷᠢᠳ ᠤᠨ ᠨᠢᠷᠤᠭᠤᠨ ᠳᠡᠭᠡᠷ᠎ᠡ

       ᠳᠤᠭ ᠰᠢᠭ ᠳᠠᠷᠪᠠᠵᠤ ᠬᠠᠷᠠᠭᠳᠠᠬᠤ

       ᠳᠤᠷᠭᠠᠨ ᠬᠤᠭᠤᠯᠠᠢ ᠲᠡᠶ ᠬᠡᠦᠬᠡᠳ ᠤᠳ ᠤᠨ

       ᠭᠦᠭᠡᠢ ᠶᠢᠨ ᠳᠠᠭᠤᠤ ᠰᠤᠨᠤᠰᠳᠠᠨ᠎ᠠ᠂

ᠰᠤᠮᠤᠨ ᠳᠠᠯ ᠲᠡᠶ ᠭᠦᠯᠦᠭ᠌ ᠤᠳ

ᠰᠠᠯᠭᠢ ᠵᠦᠰᠤᠵᠤ ᠳᠠᠪᠭᠢᠨ᠎ᠠ ᠳ᠋ᠠ︕

ᠰᠣᠢ᠌ᠭᠰᠠᠨ ᠡᠵᠡᠳ ᠨᠢ ᠬᠠᠷᠠᠭᠠᠤᠨ

ᠰᠡᠳᠭᠢᠯ ᠪᠠᠶᠠᠰᠤᠨ ᠳᠠᠪᠠᠯᠵᠢᠨ᠎ᠠ ᠳ᠋ᠡ︕

      ᠲ᠋ᠡᠭᠦᠯᠢᠭᠦ ᠮᠤᠷᠢᠳ ᠤᠨ ᠨᠢᠷᠤᠭᠤᠨ ᠳᠡᠭᠡᠷ᠎ᠡ

      ᠲ᠋ᠤᠭ ᠰᠢᠭ ᠳᠠᠷᠪᠠᠵᠤ ᠬᠠᠷᠠᠭᠳᠠᠬᠤ

      ᠲ᠋ᠤᠷᠭᠠᠨ ᠬᠤᠭᠤᠯᠠᠢ ᠲᠡᠶ ᠬᠡᠦᠬᠡᠳ ᠤᠳ ᠤᠨ

      ᠭᠦᠭᠡᠢ ᠶᠢᠨ ᠳᠠᠭᠤᠤ ᠰᠤᠨᠤᠰᠳᠠᠨ᠎ᠠ᠃

  

      

           2009.4.3


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 1836
ᠴᠠᠭ᠄ 2011 ᠤᠨ ᠤ 01 ᠰᠠᠷ᠎ᠠ ᠶᠢᠨ 07