ᠬᠡᠷᠡᠮ

ᠳᠡᠭ᠍ᠷᠢ ᠶᠢᠨ ᠴᠡᠩᠭᠡᠷ ᠲᠤ ᠪᠠᠷᠳᠠᠨ

ᠰᠢᠪᠠᠭᠤᠳ ᠤᠨ ᠨᠤᠭᠤᠭᠠᠨ ᠭᠡᠷᠡᠮ ᠳᠠᠭᠤᠯᠠᠨ᠎ᠠ


ᠴᠡᠯᠮᠡᠭᠦᠨ ᠳᠤᠯᠠᠭᠠᠨ ᠠᠮᠢᠰᠬᠤᠯᠯᠠᠬᠤ ᠭᠡᠵᠤ

ᠭᠡᠷᠡᠮ ᠤᠨ ᠬᠠᠨ᠎ᠠ ᠭᠡᠷᠡᠯ ᠤᠨ ᠨᠢᠳᠤ ᠳᠤ

ᠴᠤᠭᠤᠴᠢᠭᠳᠠᠨ ᠳᠤᠯᠠᠭᠠᠬᠠᠨ ᠴᠤᠭᠤᠷᠠᠨ᠎ᠠ


ᠭᠡᠯᠡᠨ ᠳᠤ ᠨᠡᠪᠴᠢᠭ᠍ᠰᠡᠨ ᠪᠠᠷᠠᠭᠠᠨ ᠤ ᠢᠳᠠ ᠶᠢ

ᠡᠪᠦᠯ ᠤᠨ ᠰᠠᠯᠭᠢᠨ ᠣᠢ᠌ᠯᠠᠭᠠᠭᠠᠤᠨ ᠭᠡᠷᠡᠮ ᠪᠣᠯᠵᠤ ᠣᠩᠬᠤᠯᠢᠨ᠎ᠠ


ᠬᠠᠪᠣᠷ ᠤᠨ ᠰᠠᠷᠠ ᠪᠣᠳᠤᠯ ᠪᠣᠯᠤᠭᠰᠠᠭᠠᠷ

ᠭᠡᠷᠡᠮ ᠳᠠᠪᠠᠬᠤ ᠭᠡᠵᠤ ᠡᠴᠢᠩᠭᠢᠷᠡᠨ᠎ᠡ


ᠨᠠᠮᠤᠷ ᠤᠨ ᠬᠤᠩᠭ᠋ᠤᠷ ᠰᠠᠯᠭᠢᠨ ᠬᠠᠷᠢᠨ ᠡᠳᠡᠭᠡᠷ ᠪᠦᠭᠦᠨ ᠢ

ᠳᠦᠭᠦᠭᠡᠷᠵᠤ ᠴᠡᠭᠡᠵᠢᠯᠡᠭᠦ ᠭᠡᠳ ᠬᠠᠶᠠ ᠮᠤᠳᠤᠨ ᠨᠠᠮᠠᠭᠠᠨ ᠳᠤ ᠳᠦᠭᠦᠰᠢᠯᠡᠭ᠍ᠳᠡᠨ᠎ᠡ


ᠬᠠᠶᠠ ᠪᠦᠷ ᠳᠡᠭ᠍ᠷᠢ ᠶᠢᠨ ᠬᠡᠦᠬᠡᠳ ᠪᠣᠯᠬᠤ ᠭᠡᠵᠤ

ᠭᠡᠯᠡ ᠠᠮᠠ ᠪᠣᠯᠳᠠᠯᠵᠠᠨ᠎ᠠᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 13941
ᠴᠠᠭ᠄ 2015 ᠤᠨ ᠤ 03 ᠰᠠᠷ᠎ᠠ ᠶᠢᠨ 27