ᠮᠤᠩᠭ᠋ᠤᠯᠴᠤᠳ ᠤᠨ ᠢᠳᠡᠭᠡᠨ ᠣᠮᠳᠠᠭᠠᠨ

ᠮᠤᠩᠭ᠋ᠤᠯᠴᠤᠳ ᠤᠨ ᠢᠳᠡᠭᠡᠨ ᠣᠮᠳᠠᠭᠠᠨ ᠢ ᠶᠡᠭᠡ ᠲᠦᠯᠦᠪ ᠠᠮᠤ ᠪᠣᠳᠠᠭ᠎ᠠ᠂ ᠰᠥ᠋ ᠴᠠᠭ᠎ᠠ᠂ ᠮᠢᠬ᠎ᠠ ᠳᠤᠰᠤ ᠭᠡᠵᠤ ᠭᠤᠷᠪᠠᠨ ᠵᠣᠢ᠌ᠯ ᠬᠤᠪᠢᠶᠠᠨ᠎ᠠ᠃ ᠳᠠᠷᠢᠶᠠᠯᠠᠬᠤ ᠣᠷᠤᠨ ᠤ ᠭᠢᠨ ᠭᠢᠳᠠᠤᠨ ᠦᠨᠳᠦᠰᠦᠳᠠᠨ ᠲᠡᠶ ᠪᠠᠷᠤᠭ ᠠᠳᠠᠯᠢᠪᠳᠤᠷ ᠪᠠᠢ᠌ᠳᠠᠭ᠃ ᠬᠠᠭᠠᠰ ᠳᠠᠷᠢᠶᠠᠯᠠᠬᠤ ᠬᠠᠭᠠᠰ ᠮᠠᠯᠵᠢᠬᠤ ᠣᠷᠤᠨ ᠤ ᠭᠢᠨ ᠪᠣᠯ ᠠᠮᠤ ᠪᠣᠳᠠᠭ᠎ᠠ ᠡᠴᠡ ᠭᠠᠳᠠᠨ᠎ᠠ ᠪᠠᠰᠠ ᠨᠠᠯᠢᠶᠠᠤᠨ ᠠᠷᠪᠢᠨ ᠰᠥ᠋ ᠴᠠᠭ᠎ᠠ᠂ ᠮᠢᠬ᠎ᠠ ᠳᠤᠰᠤ ᠢᠳᠡᠳᠡᠭ᠌ ᠶᠤᠮ᠃ ᠴᠢᠯᠦᠭᠡᠯᠡᠭ᠍ᠳᠡᠭᠦ ᠡᠴᠡ ᠡᠮᠦᠨ᠎ᠡ ᠮᠠᠯᠵᠢᠬᠤ ᠣᠷᠤᠨ ᠳᠤ᠂ ᠢᠳᠠᠰᠢᠨ ᠨᠤᠭᠤᠭ᠎ᠠ ᠪᠣᠯᠤᠨ ᠴᠠᠭᠠᠨ ᠭᠤᠯᠢᠷ ᠢ ᠪᠦᠷ ᠸᠠᠩ ᠭᠦᠩ᠂ ᠨᠤᠶᠠᠤᠨ ᠲᠦᠰᠢᠮᠠᠤᠨ᠂ ᠳᠠᠢ᠌ᠵᠢ ᠢᠵᠠᠭᠤᠷᠳᠠᠨ ᠵᠡᠷᠭᠡ ᠪᠠᠶᠠᠴᠤᠳ ᠡᠳ᠋ᠯᠡᠳᠡᠭ᠌ ᠪᠠᠢ᠌ᠵᠠᠢ᠂ ᠡᠩ ᠤᠨ ᠮᠠᠯᠴᠢᠳ ᠵᠥᠪᠭᠡᠨ ᠪᠦᠳᠦᠭᠦᠯᠢᠭ᠌ ᠠᠮᠤ ᠢᠳᠠᠵᠤ᠂ ᠵᠤᠨ ᠳᠠᠭᠠᠨ ᠮᠠᠩᠭᠢᠷ ᠳᠠᠭᠠᠨ᠎ᠠ ᠪᠣᠶᠤ ᠮᠥᠭᠦ ᠳᠡᠭᠦᠨ ᠢᠳᠡᠳᠡᠭ᠌ ᠪᠠᠢ᠌ᠵᠠᠢ᠃ ᠣᠳᠤ ᠮᠠᠯᠴᠢᠳ ᠡᠳᠦᠷ ᠤᠨ ᠭᠤᠷᠪᠠᠨ ᠡᠷᠡᠨ ᠤ ᠴᠠᠢ ᠬᠤᠭᠤᠯᠠ ᠪᠠᠨ᠂ ᠥᠷᠯᠦᠭᠡ ᠦᠳᠡ ᠳᠤ ᠶᠡᠷᠦᠩᠭᠡᠢ ᠳᠡᠭᠡᠨ ᠰᠦ᠋ ᠲᠡᠶ ᠴᠠᠢ ᠣᠤᠭᠤᠵᠤ᠂ ᠬᠠᠭᠤᠷᠤᠭᠰᠠᠨ ᠠᠮᠤ ᠢᠳᠡᠳᠡᠭ᠌ ᠪᠦᠭᠡᠤᠨ ᠵᠠᠷᠢᠮ ᠳᠠᠭᠠᠨ ᠪᠠᠰᠠ ᠮᠢᠬ᠎ᠠ ᠳᠤᠰᠤ᠂ ᠴᠠᠭᠠᠨ ᠢᠳᠡᠭᠡ ᠢᠳᠡᠳᠡᠭ᠌᠃ ᠣᠷᠤᠢ ᠳᠠᠭᠠᠨ ᠪᠦᠷ ᠬᠤᠨᠢᠨ ᠮᠢᠬ᠎ᠠ᠂ ᠭᠤᠯᠢᠷ ᠪᠣᠳᠠᠭ᠎ᠠ ᠢᠳᠡᠳᠡᠭ᠌ ᠪᠣᠯᠵᠠᠢ᠃

ᠰᠥ᠋ ᠴᠠᠭ᠎ᠠ ᠶᠢ ᠪᠠᠰᠠ 《ᠴᠠᠭᠠᠨ ᠢᠳᠡᠭᠡ》 ᠭᠡᠳᠡᠭ᠌᠂ ᠳᠠᠷᠠ ᠨᠢ ᠠᠷᠢᠭᠤᠨ ᠴᠠᠪᠠᠷ᠂ ᠦᠯᠵᠡᠢ ᠮᠦᠷ ᠲᠡᠶ ᠢᠳᠡᠭᠡᠨ ᠤ ᠳᠡᠭᠡᠵᠢ ᠭᠡᠰᠡᠨ ᠣᠤᠠᠬ᠎ᠠ ᠲᠡᠶ ᠶᠤᠮ᠃ ᠴᠠᠭᠠᠨ ᠢᠳᠡᠭᠡ ᠶᠢ ᠢᠳᠡᠭᠡᠨ ᠤ ᠵᠣᠢ᠌ᠯ ᠪᠠ ᠣᠮᠳᠠᠭᠠᠨ ᠤ ᠵᠣᠢ᠌ᠯ ᠭᠡᠵᠤ ᠬᠤᠪᠢᠶᠠᠳᠠᠭ᠃ ᠢᠳᠡᠭᠡᠨ ᠤ ᠵᠣᠢ᠌ᠯ ᠢ ᠪᠠᠰᠠ ᠭᠤᠤᠯᠳᠠᠭᠤ ᠴᠠᠭᠠᠨ ᠳᠤᠰᠤ᠂ ᠰᠢᠷ᠎ᠠ ᠳᠤᠰᠤ᠂ ᠦᠷᠦᠮ᠎ᠡ᠂ ᠬᠤᠷᠤᠳ᠂ ᠠᠭᠠᠷᠤᠤᠯ᠂ ᠬᠠᠭᠠᠷᠢᠭᠰᠠᠨ ᠪᠣᠤᠪᠣ ᠭᠡᠵᠤ ᠵᠢᠷᠭᠤᠭᠠᠨ ᠵᠣᠢ᠌ᠯ ᠬᠤᠪᠢᠶᠠᠳᠠᠭ  ᠣᠮᠳᠠᠭᠠᠨ ᠤ ᠵᠣᠢ᠌ᠯ ᠢ ᠭᠤᠤᠯᠳᠠᠭᠤ ᠰᠦ᠋ ᠲᠡᠶ ᠴᠠᠢ᠂ ᠳᠠᠷᠠᠭ᠂ ᠰᠠᠭᠠᠯᠢ ᠶᠢᠨ ᠠᠷᠢᠭᠢ ᠭᠡᠵᠤ ᠭᠤᠷᠪᠠᠨ ᠵᠣᠢ᠌ᠯ ᠳᠤ ᠬᠤᠪᠢᠶᠠᠳᠠᠭ᠃

ᠢᠳᠠᠰᠢᠨ ᠮᠢᠬ᠎ᠠ ᠳᠤ ᠶᠡᠭᠡ ᠲᠦᠯᠦᠪ ᠬᠤᠨᠢᠨ ᠮᠢᠬ᠎ᠠ᠂ ᠥᠭᠡᠷ ᠤᠨ ᠮᠢᠬ᠎ᠠ᠂  ᠪᠣᠭᠤ ᠳᠠᠤᠯᠠᠢ ᠵᠡᠭᠡᠷ᠎ᠡ ᠭᠤᠷᠭᠤᠤᠯ ᠵᠡᠷᠭᠡ ᠪᠣᠰᠤᠳ ᠮᠢᠬᠠᠨ ᠤ ᠵᠣᠢ᠌ᠯ ᠪᠠᠢ᠌ᠳᠠᠭ᠃

ᠬᠠᠷᠢᠶ᠎ᠠ᠄ ᠵᠠᠩ ᠤᠢ᠌ᠯᠠ
ᠳᠠᠷᠤᠮ᠄ 6389
ᠴᠠᠭ᠄ 2005 ᠤᠨ ᠤ 11 ᠰᠠᠷ᠎ᠠ ᠶᠢᠨ 23