ᠳᠤᠳᠠᠬᠤ ᠥᠭᠡᠢ

ᠭᠦᠮᠤᠨ ᠤ ᠣᠷᠴᠢᠯᠠᠩ ᠤᠨ ᠪᠣᠷᠬᠠᠨ ᠤ ᠣᠷᠤᠨ ᠰᠢᠭ

ᠭᠦᠭ᠌ ᠨᠢᠭᠡᠳᠡᠢ ᠮᠢᠩᠭ᠋ᠠᠨ ᠮᠠᠭᠳᠠᠭᠠᠯ ᠲᠡᠶ

ᠭᠦᠷᠢᠶᠡᠳᠡᠩ ᠤᠨ ᠳᠦᠯᠦᠭᠡᠨ ᠤ ᠪᠦᠰ ᠭᠤᠪᠣᠷᠤᠤ ᠰᠢᠭ

ᠭᠦᠵᠦᠭᠦᠤ ᠭᠤᠯᠤᠳᠠᠭ ᠦᠭᠡᠶ ᠭᠦᠭᠡ ᠬᠠᠳᠠᠭ ᠲᠡᠶ

ᠭᠦᠭᠦᠭᠡ ᠶᠢᠨ ᠬᠤᠭᠤᠯᠠᠢ ᠳᠤᠳᠢ ᠶᠢᠨ ᠰᠤᠷᠭᠠᠭᠤᠯᠢ ᠲᠡᠶ

ᠭᠦᠡᠳᠡᠢ ᠶᠢᠨ ᠴᠤᠤᠷᠢᠶ᠎ᠠ ᠰᠢᠭ ᠢᠷᠦᠭᠡᠯ ᠶᠢᠡᠷ ᠳᠤᠳᠠᠬᠤ ᠦᠭᠡᠶ

ᠠᠯᠠᠭᠳᠠᠭ᠎ᠠ ᠶᠢᠨ ᠨᠥᠭᠡ ᠶᠢᠨ ᠠᠷᠪᠠᠨ ᠰᠠᠯᠠᠭ᠎ᠠ ᠰᠢᠭ

ᠠᠯᠪᠠ ᠪᠠᠷ ᠳᠤᠬᠤᠳᠠᠭ ᠲᠦᠮᠡᠨ ᠰᠠᠨᠠᠭ᠎ᠠ ᠲᠡᠶ

ᠠᠰᠠᠷ ᠤᠨ ᠭᠤᠳᠤᠮᠵᠢ ᠶᠢᠨ ᠬᠤᠭ ᠤᠨ ᠬᠤᠪᠢᠯ ᠰᠢᠭ

ᠠᠯᠪᠠᠨ ᠶᠢᠡᠷ ᠳᠤᠭᠤᠭᠳᠠᠭᠤᠯᠳᠠᠭ ᠦᠮᠠᠨ ᠦᠵᠡᠯ ᠲᠡᠶ

ᠣᠷᠠᠯᠢᠭ ᠤᠨ ᠠᠷᠠᠰᠤ ᠣᠷᠤᠯᠠᠩ ᠤᠨ ᠰᠦᠨᠠᠰᠤ ᠲᠡᠶ

ᠣᠶᠤᠨ ᠤ ᠶᠠᠩᠬᠠᠨ ᠰᠢᠭ ᠰᠢᠯᠦᠭ᠌ ᠶᠢᠡᠷ ᠳᠤᠳᠠᠬᠤ ᠦᠭᠡᠶ

ᠬᠤᠮᠤᠯ ᠪᠦᠮᠪᠦᠭᠡᠯᠡᠭ᠍ᠰᠡᠨ ᠪᠠᠭᠠᠰᠤᠨ ᠪᠠᠮᠪᠣ ᠰᠢᠭ

ᠬᠤᠪᠢ ᠪᠠᠨ ᠯᠠ ᠪᠣᠳᠤᠳᠠᠭ ᠠᠮᠢᠠᠴᠢᠷ ᠰᠡᠳᠭᠢᠯ ᠲᠡᠶ

ᠬᠤᠠᠵᠢᠬᠤ ᠶᠢᠨ ᠳᠦᠯᠦᠭᠡᠨ ᠤ ᠴᠠᠭᠠᠰᠤᠨ ᠨᠤᠪᠰᠢ ᠰᠢᠭ

ᠬᠠᠭᠤᠯᠤᠭᠠᠤᠨ ᠢᠴᠢᠳᠡᠭ᠌ ᠦᠭᠡᠶ ᠪᠣᠮᠠᠨ ᠥᠭᠦᠯᠡᠯ ᠲᠡᠶ

ᠰᠤᠶᠤᠯ ᠤᠨ ᠳᠢᠳᠠᠮ ᠰᠢᠮᠨᠤ ᠶᠢᠨ ᠳᠦᠷᠭᠦ ᠲᠡᠶ

ᠰᠤᠷᠮᠠᠭᠠᠢ ᠫᠠᠠᠽᠢᠴᠢᠨ ᠰᠢᠭ ᠡᠷᠳᠡᠮᠳᠡᠳ ᠶᠢᠡᠷ ᠳᠤᠳᠠᠬᠤ ᠦᠭᠡᠶ


2009-12-9 ᠪᠣᠭᠤᠳᠤ

ᠵᠤᠬᠢᠶᠠᠭᠴᠢ ᠶᠢᠨ ᠬᠠᠶ‍ᠢᠭ ᠄ ᠪᠣᠭᠤᠳᠤ ᠬᠤᠳᠠ

ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1480
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁