ᠥᠪᠡᠷ ᠲᠤ ᠪᠠᠨ ᠪᠢᠴᠢᠭ᠍ᠰᠡᠨ ᠰᠢᠯᠦᠭ᠌

ᠬᠤᠷᠸ᠎ᠠ ᠶᠢᠨ ᠬᠠᠮᠤᠭ ᠶᠠᠪᠣᠳᠠᠯ ᠢ

ᠬᠤᠶᠠᠷᠬᠠᠨ ᠥᠭᠡᠨ ᠳᠤ ᠪᠠᠭᠳᠠᠭᠠᠳᠠᠭ ᠯᠠ ᠪᠢᠰᠢ

ᠬᠤᠳᠠᠯ ᠦᠨᠡᠨ ᠬᠤᠶᠠᠷ ᠤᠨ ᠳᠤᠮᠳᠠ

ᠭᠦᠯᠢᠶᠡᠯᠳᠡ ᠭᠡᠳᠡᠭ᠌ ᠨᠢᠭᠡ ᠴᠡᠭ᠌ ᠣᠷᠤᠰᠢᠳᠠᠭ ᠯᠠ

ᠳᠦᠷᠪᠠᠨ ᠰᠠᠷ᠎ᠠ ᠶᠢᠨ ᠭᠤᠷᠪᠠᠨ ᠤ ᠰᠦᠨᠢ ᠵᠢᠨ

ᠣᠳᠤᠳ ᠨᠢ ᠭᠡᠴᠢᠨᠡᠨ ᠭᠢᠯᠠᠯᠵᠠᠭᠰᠠᠨ ᠪᠣᠯ︖

ᠲᠦᠷᠪᠠᠨ ᠰᠠᠷ᠎ᠠ ᠶᠢᠨ ᠳᠦᠷᠪᠠᠨ ᠤ ᠡᠳᠦᠷ ᠤᠨ

ᠠᠭᠠᠷ ᠤᠨ ᠨᠠᠷᠠᠨ ᠨᠢ ᠭᠡᠳᠦᠢ ᠭᠡᠷᠡᠯᠳᠦᠭ᠍ᠰᠡᠨ ᠪᠣᠯ︖

ᠭᠡᠵᠢᠶᠡᠳᠡ ᠥᠵᠡᠭ᠍ᠳᠡᠳᠡᠭ᠌ ᠦᠭᠡᠶ ᠬᠠᠷ᠎ᠠ ᠴᠠᠭᠠᠨ ᠤ

ᠭᠦᠯ ᠢ ᠨᠢ ᠳᠡᠭᠡᠵᠤ ᠪᠠᠷᠢᠭᠰᠠᠨ ᠶᠢᠡᠷ ᠵᠢᠠᠨ

ᠭᠡᠮᠵᠢᠰᠢ ᠦᠭᠡᠶ ᠬᠠᠷᠠᠩᠭ᠋ᠤᠢ ᠭᠤᠤ ᠳ᠋ᠤ

ᠬᠠᠷᠠᠵᠤ ᠪᠠᠢ᠌ᠨ ᠡᠷᠭᠢᠰᠢ ᠦᠭᠡᠶ ᠢᠰᠭᠦᠯᠦᠭ᠍ᠰᠡᠨ ᠶᠤᠮ

ᠮᠠᠩᠬᠠᠨ ᠳᠤᠳᠤᠷ᠎ᠠ ᠡᠴᠠ ᠠᠮᠢᠰᠬᠤᠭᠠᠭᠰᠠᠨ ᠰᠢᠭᠡᠭ᠌ ᠡᠪᠠᠰᠤᠨ ᠴᠤ

ᠮᠠᠨᠠᠨ ᠤ ᠳᠤᠮᠳᠠ ᠪᠠᠨ ᠪᠣᠯ ᠭᠦᠯ ᠤᠨ ᠳᠤᠤᠷ᠎ᠠ ᠣᠷᠤᠳᠠᠭ ᠯᠠ ᠳ᠋ᠠ

ᠰᠠᠷᠠᠭᠤᠯ ᠳᠠᠯ᠎ᠠ ᠳᠤ ᠪᠠᠨ ᠳᠡᠯᠭᠡᠷᠡᠭ᠍ᠰᠡᠨ ᠰᠠᠷᠠᠨ᠎ᠠ ᠴᠡᠴᠡᠭ᠌ ᠨᠢ ᠴᠤ

ᠰᠠᠮᠠᠭᠤᠨ ᠰᠠᠨᠠᠭᠠᠳᠤ ᠲᠡᠶ ᠨᠢ ᠣᠴᠠᠷᠠᠪᠠᠯ ᠵᠤᠯᠭᠠᠷᠠᠬᠤ ᠯᠠ ᠵᠠᠶᠠᠭ᠎ᠠ ᠲᠡᠶ ᠶᠤᠮ

ᠠᠮᠠᠨ ᠳᠤ ᠪᠠᠨ ᠶᠤᠰᠤ ᠡᠮᠭᠦᠳᠡᠭ᠌ ᠳᠠᠷᠤᠭᠠᠰ ᠴᠢᠨᠢ

ᠠᠶᠤᠤᠯᠢᠬᠠᠢ ᠳᠤ ᠪᠠᠨ ᠨᠤᠮᠤ ᠳᠡᠯᠢᠭ᠍ᠰᠡᠨ ᠡᠷ᠎ᠡ ᠯᠠ ᠪᠠᠢ᠌ᠵᠠᠢ

ᠦᠨᠡᠨ ᠴᠠᠭᠠᠨ ᠢ ᠥᠡᠴᠦᠭ᠌ ᠪᠣᠯᠤᠩ ᠦᠭᠡᠶ ᠵᠠᠵᠢᠯᠠᠵᠤ

ᠦᠨᠳᠦᠰᠦ ᠣᠭᠰᠠᠭᠠᠨ ᠳᠤ ᠴᠢᠨᠢ ᠭᠠᠯ ᠵᠤᠯᠭᠠᠭᠤᠯᠬᠤ ᠣᠯᠤᠰ ᠯᠠ

ᠡᠰᠡ ᠳᠠᠢ᠌ᠮᠤ ᠪᠣᠯ ᠦᠨᠦᠳᠤᠷ ᠴᠢ ᠶᠠᠮᠠᠷ ᠠᠵᠠ ᠪᠠᠷ

ᠥᠩᠭᠡ ᠦᠭᠡᠶ ᠴᠠᠭᠠᠰᠤᠨ ᠳᠤ ᠦᠨᠡᠨ ᠶᠢᠡᠨ ᠵᠢᠷᠤᠭᠯᠠᠬᠤ ᠶᠤᠮ

ᠴᠢᠨᠤ ᠶᠠᠷᠢᠭᠰᠠᠨ ᠡᠳᠡᠭᠡᠷ ᠢ ᠳᠡᠭ᠍ᠷᠢ ᠪᠣᠷᠤᠭᠤ ᠭᠡᠭᠦ ᠦᠭᠡᠶ ᠶᠤᠮ

ᠴᠤᠬᠤᠮ ᠭᠡᠮ ᠶᠢᠡᠷ ᠪᠦᠭᠡᠯᠵᠢᠭᠦ ᠳᠠᠳᠠᠨ ᠴᠢᠨᠢ ᠳᠠᠰᠤ ᠬᠤᠳᠠᠯ ᠭᠡᠵᠤ ᠵᠠᠯᠭᠢᠬᠤ ᠶᠤᠮ

ᠭᠦᠮᠤᠨ ᠤ ᠰᠡᠭᠦᠳᠡᠷ ᠤᠨ ᠬᠠᠷᠠᠩᠭ᠋ᠤᠢ ᠳᠤ ᠴᠢ

ᠭᠦᠮᠤᠨ ᠮᠦᠰᠤ ᠪᠠᠨ ᠨᠤᠴᠤᠭᠠᠵᠤ ᠪᠣᠰᠤᠭ᠎ᠠ ᠵᠤᠭᠰᠤᠵᠤ ᠪᠠᠢ

ᠭᠦᠡᠳᠡᠯᠡᠨ ᠭᠤᠤᠯᠳᠤ ᠬᠤᠤᠷᠳᠤ ᠰᠤᠮᠤᠨ ᠤ ᠴᠤᠭᠢᠯᠳᠠ ᠳᠤ ᠴᠢ

ᠭᠦᠡᠳᠤ ᠶᠢᠨ ᠵᠢᠩ ᠶᠢᠡᠨ ᠪᠢᠳᠡᠭᠡᠢ ᠠᠯᠳᠠᠵᠤ ᠣᠷᠭᠢᠭᠠᠷᠠᠢ

ᠬᠠᠢ᠌ᠷ᠎ᠠ ᠪᠠᠷ ᠪᠢᠰᠢ ᠴᠢᠰᠤ ᠪᠠᠷ ᠶᠢᠡᠨ ᠨᠥᠭᠦᠷᠯᠡᠭ᠍ᠰᠡᠳ ᠲᠡᠶ ᠪᠠᠨ

ᠬᠠᠳᠠᠭᠤ ᠵᠥᠭᠡᠯᠡᠨ ᠪᠦᠭᠦᠨ ᠳᠤ ᠪᠣᠯᠤᠳ ᠰᠢᠭ ᠳᠠᠪᠳᠠᠭᠳᠠᠵᠤ ᠶᠠᠪᠣ ᠴᠢ

ᠬᠠᠷ᠎ᠠ ᠣᠰᠤ ᠰᠢᠮᠠᠵᠤ ᠬᠤᠷᠢ ᠶᠢᠨ ᠬᠠᠭᠠᠯᠭ᠎ᠠ ᠳᠤᠯᠤᠭᠰᠠᠨ ᠳ᠋ᠤ

ᠬᠠᠮᠤᠭ ᠮᠠᠭᠤ ᠵᠣᠢ᠌ᠯ ᠴᠢᠮ᠎ᠠ ᠶᠢ ᠳᠠᠷᠤᠵᠤ ᠴᠢᠳᠠᠬᠤ ᠦᠭᠡᠶ ᠶᠤᠮ

ᠨᠠᠪᠴᠢᠨ ᠰᠡᠭᠦᠳᠡᠷ ᠲᠤ ᠨᠠᠷᠠ ᠬᠤᠷᠣᠢ᠌ᠯᠠᠵᠤ

ᠨᠠᠷᠠᠳᠤ ᠶᠢᠨ ᠠᠮᠢᠳᠤᠷᠠᠯ ᠶᠢᠡᠨ ᠰᠠᠴᠤᠷᠠᠭᠤᠯᠵᠤ ᠴᠢᠳᠠᠬᠤ ᠶᠤᠮ ᠴᠢ

ᠡᠷᠭᠦᠨ᠎ᠡ ᠪᠠᠭᠰᠢ ᠶᠢᠨ ᠠᠯᠢ ᠣᠯᠠᠨ ᠣᠶᠤᠨ ᠡᠴᠠ ᠦᠷᠤᠪᠳᠠᠰᠤ ᠳᠡᠭᠦᠵᠤ

ᠦᠨᠡᠨ ᠴᠠᠭᠠᠨ ᠤ ᠳᠠᠭᠤᠤ ᠪᠠᠨ ᠬᠠᠩᠭᠢᠨᠠᠳᠠᠯ᠎ᠠ ᠳᠠᠭᠤᠯᠠ ᠴᠢ


2011.4.8


ᠵᠤᠬᠢᠶᠠᠭᠴᠢ ᠶᠢᠨ ᠬᠠ‍‌ᠶᠢᠭ ᠄ ᠳᠤᠩᠯᠢᠶᠤᠤ ᠬᠤᠳᠠ ᠶᠢᠨ ᠭᠦᠷᠢᠷ᠎ᠡ ᠬᠤᠰᠢᠭᠤᠨ ᠤ ᠭᠦᠷᠢᠶ᠎ᠡ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2011 ᠤᠨ ᠤ 04 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ