ᠠᠮᠢᠳᠤᠷᠠᠯ ᠤᠨ ᠳᠠᠩᠰᠢᠯᠭᠠᠨ

       ᠠᠮᠢᠳᠤᠷᠠᠯ ᠤᠨ ᠬᠠᠯᠠᠭᠤᠨ ᠳᠤᠯᠠᠭᠠᠨ ᠡᠯᠢᠭᠢᠨ ᠳᠤ ᠠᠮᠢᠳᠤ ᠶᠠᠪᠣᠵᠤ ᠶ‍ᠢᠷᠳᠢᠠᠴᠤ ᠶᠢᠨ ᠳᠤᠭᠤᠰᠤᠨ ᠳᠤ ᠪᠠᠭᠳᠠᠨ᠎ᠠ ᠭᠡᠳᠡᠭ᠌ ᠨᠢᠭᠡ ᠭᠦᠮᠤᠨ ᠤ ᠬᠤᠪᠢ ᠳᠤ ᠠᠪᠴᠤ ᠭᠡᠯᠡᠪᠠᠯ ᠣᠯᠳᠠᠰᠢ ᠦᠭᠡᠶ ᠵᠠᠪᠰᠢᠶ᠎ᠠ ᠭᠡᠵᠤ ᠮᠠᠳᠠ ᠭᠡᠮᠡᠨ ᠦᠨᠡᠨ ᠤ ᠬᠠᠤᠯᠢ ᠶᠢᠨ ᠡᠮᠤᠨ᠎ᠡ ᠭᠡᠯᠡ ᠪᠠᠨ ᠭᠦᠰᠢᠳᠡᠯ᠎ᠡ ᠶᠠᠷᠢᠨ᠎ᠠ ᠪᠢ ︕

       ᠬᠤᠳᠠᠯ ᠪᠢᠰᠢ ︕ ᠭᠦᠮᠤᠨ ᠭᠡᠮᠡᠭ᠍ᠴᠢ ᠡᠨᠡᠭᠦ ᠳᠡᠭᠡᠳᠤ ᠵᠡᠷᠭᠡ ᠶᠢᠨ ᠣᠬᠠᠭᠠᠨ ᠪᠢᠯᠢᠭ᠍ᠳᠤ ᠠᠮᠢᠳᠠᠨ ᠠᠮᠢᠳᠤᠷᠠᠯ ᠳᠤᠳᠤᠷ᠎ᠠ ᠳᠦᠷᠤᠵᠤ ᠲᠦᠯᠵᠢᠭᠡᠳ᠂ ᠭᠡᠳᠡᠷᠭᠡ ᠠᠮᠢᠳᠤᠷᠠᠯ ᠤᠨ ᠪᠠᠢ᠌ᠭᠤᠯᠤᠭᠴᠢ ᠭᠡᠮᠡᠭ᠍ᠳᠡᠵᠤ ᠨᠢᠭᠡ ᠨᠠᠰᠤ ᠪᠠᠷ ᠶᠢᠡᠨ ᠳᠤᠷᠠᠵᠤ ᠵᠤᠪᠠᠵᠤ ᠶᠠᠪᠣᠭᠠᠤᠨ ᠣᠳᠤ ᠨᠢᠭᠡ ᠪᠠᠬᠠᠨ ᠵᠢᠷᠭᠠᠶ᠎ᠠ ᠭᠡᠵᠤ ᠪᠠᠢ᠌ᠭᠠᠤᠨ᠂ ᠰᠡᠭᠦᠯ ᠳ᠋ᠤᠨᠢ ᠠᠮᠢᠳᠤᠷᠠᠯ ᠤᠨ ᠪᠣᠯᠠᠰᠢᠯᠠᠭᠳᠠᠭᠴᠢ ᠪᠣᠯᠵᠤ ᠠᠶᠠᠠᠳᠠᠭᠠᠨ ᠮᠦᠷᠳᠡᠭᠡᠨ ᠠᠭᠠᠵᠢᠮ ᠳᠠᠭᠠᠨ ᠬᠤᠷᠸ᠎ᠠ ᠶᠢᠨ ᠳᠤᠭᠤᠰᠤᠨ ᠡᠴᠡ ᠭᠡᠨ ᠭᠡᠳᠡᠭ᠌ ᠨᠠᠷ᠎ᠠ ᠣᠰᠤ ᠴᠤ ᠦᠭᠡᠶ ᠪᠠᠷ ᠮᠦᠷ ᠰᠤᠷᠠᠭ ᠶᠢᠡᠨ ᠪᠠᠯᠯᠠᠵᠤ ᠣᠷᠭᠢᠭᠠᠤᠨ ᠡᠭᠦᠷᠢᠳᠡ ᠶᠠᠪᠣᠴᠢᠬᠠᠳᠠᠭ ᠨᠢ ᠦᠨᠡᠨ ᠪᠢᠵᠠ ⁈ ᠶᠠᠭ ᠦᠨᠡᠨ ᠪᠣᠯᠳᠠᠭ ᠨᠢ ᠰᠤᠨᠢᠨ ᠪᠠᠢ᠌ᠯᠳᠠᠢ ︕ ᠭᠡᠯ᠎ᠡ ᠴᠤ ᠡᠭᠦᠨ ᠳᠤᠳᠤᠷ᠎ᠠ ᠨᠠᠷ᠎ᠠ ᠴᠤᠤᠳᠠᠢ ᠶᠠᠪᠣᠭᠰᠠᠨ ᠭᠦᠮᠤᠨ ᠳᠡᠭᠡᠭᠡᠳ ᠮᠥᠩᠭᠡ ᠶᠢᠨ ᠭᠦᠰᠢᠶ᠎ᠡ ᠪᠠᠨ ᠥᠯᠡᠳᠡᠭᠡᠳᠡᠭ᠌ ᠨᠢ ᠴᠤᠬᠤᠮ ᠦᠨᠡᠨ ᠪᠢᠯᠠ ︕ ᠣᠴᠢᠷ ᠨᠢ ᠠᠮᠢᠳᠤᠷᠠᠯ ᠪᠣᠯ ᠨᠢᠭᠡ ᠳᠤᠮᠤ ᠭᠡᠷ ᠪᠦᠯᠢ ᠶᠢᠨ ᠠᠭᠤᠵᠢᠮ ᠬᠤᠷᠸ᠎ᠠ ᠮᠦᠨ᠂ ᠳᠠᠷᠠᠴᠢᠯᠠᠨ ᠭᠦᠮᠤᠨ ᠢ ᠪᠣᠢ᠌ᠵᠢᠭᠤᠯᠤᠭᠴᠢ ᠮᠦᠷᠳᠡᠭᠡᠨ ᠭᠦᠮᠦᠵᠢᠭᠦᠯᠦᠭ᠍ᠴᠢ᠂ ᠳᠠᠪᠳᠠᠨ ᠭᠢᠨᠠᠭᠴᠢ ᠮᠦᠷᠳᠡᠭᠡᠨ ᠦᠨᠡᠠᠴᠢ ᠰᠢᠭᠦᠭ᠍ᠴᠢ᠂ ᠬᠠᠢ᠌ᠷᠠᠯᠠᠨ ᠭᠡᠷᠡᠭᠯᠡᠭ᠍ᠴᠢ ᠮᠦᠷᠳᠡᠭᠡᠨ ᠥᠨᠡᠯᠡᠨ ᠳ᠋ᠦᠩᠴᠡᠭᠦᠯᠡᠭ᠍ᠴᠢ᠂ ᠬᠠᠯᠠᠳᠠᠢ ᠳᠠᠰᠢᠭᠴᠢ ᠮᠦᠷᠳᠡᠭᠡᠨ ᠬᠠᠪᠣᠳᠠᠢ ᠠᠮᠢᠳᠤᠷᠠᠭᠤᠯᠤᠭᠴᠢ ᠮᠦᠨ ᠪᠢᠯᠠ︕

       『ᠠᠮᠢᠳᠤᠷᠠᠯ ᠭᠡᠭ᠍ᠴᠢ ᠴᠢᠨᠢ ᠭᠦᠯ ᠦᠭᠡᠶ ᠭᠦᠨ ᠶᠡᠭᠡ ᠳᠠᠯᠠᠢ ᠮᠥᠨ︕ 』ᠭᠡᠵᠤ ᠭᠡᠨ ᠨᠢᠭᠡ ᠨᠢ ᠳᠦᠷᠰᠦᠯᠡᠭ᠍ᠰᠡᠨ ᠪᠢᠯᠠ᠃ ᠡᠨᠡ ᠨᠢ ᠮᠠᠷᠭᠤᠭᠠᠨ ᠦᠭᠡᠶ ᠣᠴᠢᠷ ᠪᠢᠰᠢᠤ ⁈ ᠠᠮᠢᠳᠤᠷᠠᠯ ᠤᠨ ᠣᠬᠠᠭᠳᠠᠬᠤᠨ ᠢ ᠶᠡᠷᠦᠩᠭᠡᠢ᠌ᠯᠡᠪᠠᠯ ᠳᠡᠯᠡᠭᠡᠢ ᠳᠠᠶᠠᠭᠠᠷ ᠤᠨ ᠠᠮᠢᠳᠤᠷᠠᠯ᠂ ᠣᠯᠤᠰ ᠨᠠᠢ᠌ᠳᠠ ᠶᠢᠨ ᠠᠮᠢᠳᠤᠷᠠᠯ ᠭᠡᠵᠤ ᠵᠤᠭᠢᠴᠠᠮᠵᠢ ᠪᠠᠷ ᠶᠢᠡᠨ ᠠᠩᠭᠢᠯᠠᠭᠳᠠᠵᠤ ᠪᠠᠢ᠌ᠳᠠᠭ᠂ ᠴᠠᠰᠢᠯᠠᠭᠤᠯᠵᠤ ᠪᠣᠳᠤᠭᠠᠤᠨ ᠦᠵᠡᠪᠠᠯ ᠳᠠᠷᠠ ᠬᠠᠮᠤᠭ ᠨᠢ ᠨᠡᠢ᠌ᠭᠡᠮ ᠤᠨ ᠠᠮᠢᠳᠤᠷᠠᠯ ᠭᠢᠭᠡᠳ ᠭᠦᠮᠤᠨ ᠤ ᠠᠮᠢᠳᠤᠷᠠᠯ ᠭᠡᠵᠤ ᠬᠤᠶᠠᠷ ᠶᠡᠭᠡ ᠳᠦᠷᠤᠯ ᠳᠤ ᠬᠤᠪᠢᠶᠠᠭᠳᠠᠵᠤ ᠪᠣᠯᠤᠨ᠎ᠠ᠃ ᠨᠡᠢ᠌ᠭᠡᠮ ᠤᠨ ᠠᠮᠢᠳᠤᠷᠠᠯ ᠭᠡᠭ᠍ᠴᠢ ᠨᠢ ᠭᠦᠮᠤᠨ ᠤ ᠣᠷᠴᠢᠯᠠᠩ ᠤᠨ ᠠᠬᠤᠢ ᠶᠡᠭᠡ ᠣᠷᠤᠨ ᠵᠠᠢ ᠶᠢ ᠬᠠᠮᠤᠷᠠᠭᠰᠠᠨ ᠠᠮᠢᠳᠤᠷᠠᠯ ᠣᠷᠤᠰᠢᠬᠤᠢ ᠶᠢᠨ ᠶᠡᠭᠡ ᠴᠤᠭᠯᠠᠷᠠᠯ ᠤᠨ ᠭᠦᠳᠡᠯᠦᠩᠭᠦᠢ ᠣᠷᠴᠢᠨ ᠳᠤᠭᠤᠷᠢᠨ ᠤ ᠳᠤᠮᠤ ᠳᠡᠯᠭᠡᠴᠡ ᠶᠢ ᠵᠢᠭᠠᠳᠠᠭ ᠪᠢᠯᠠ᠃ ᠭᠦᠮᠤᠨ ᠤ ᠠᠮᠢᠳᠤᠷᠠᠯ ᠭᠡᠭ᠍ᠴᠢ ᠨᠢ ᠳᠡᠯᠡᠭᠡᠢ ᠶᠢᠨ ᠦᠨᠳᠦᠰᠦᠳᠠᠨ ᠪᠦᠭᠦᠨ ᠤ ᠭᠦᠮᠦᠰ ᠤᠨ ᠲ᠋ᠤᠰ ᠪᠠᠶ᠎ᠠ ᠶᠢᠨ ᠭᠢᠨᠢ ᠨᠡᠢ᠌ᠭᠡᠮ ᠤᠨ ᠳᠤᠯᠭᠢᠶᠠᠨ ᠳᠠᠪᠠᠯᠭᠠᠨ ᠲᠡᠶ ᠠᠮᠢᠳᠤᠷᠠᠯ ᠤᠨ ᠣᠷᠤᠨ ᠵᠠᠢ ᠳᠤᠳᠤᠷ᠎ᠠ ᠭᠦᠯ ᠳᠤᠭᠳᠠᠨᠢᠨ ᠣᠷᠤᠠᠵᠢᠵᠤ ᠠᠮᠢᠳᠤᠷᠠᠬᠤ ᠶᠢᠨ ᠪᠦᠭᠦᠢᠯᠡ ᠶᠠᠪᠣᠴᠠ ᠭᠢᠭᠡᠳ ᠠᠮᠢᠳᠤ ᠶᠢᠨ ᠣᠯᠠ ᠮᠦᠷ ᠶᠢᠡᠨ ᠶ‍ᠢᠷᠳᠢᠠᠴᠤ ᠶᠢᠨ ᠣᠷᠤᠨ ᠵᠠᠢ ᠳᠤ ᠳᠠᠮᠠᠭᠠᠯᠠᠨ ᠦᠯᠡᠳᠡᠭᠡᠭᠦ ᠭᠦᠴᠦᠯᠡᠴᠡ ᠶᠢᠨ ᠳᠤᠳᠤ ᠢᠯᠠᠷᠠᠯ ᠢ ᠠᠬᠤᠭᠤᠯᠤᠭᠰᠠᠨ ᠳᠤᠳᠤᠷᠠᠮᠵᠢ ᠶᠢ ᠭᠡᠯᠡᠳᠡᠭ᠌ ᠪᠢᠯᠠ᠃ ᠳᠠᠷᠠ ᠮᠦᠷᠳᠡᠭᠡᠨ ᠳᠡᠭᠦᠨ ᠤ ᠣᠯᠤᠰ ᠳᠦᠷᠤ ᠶᠢᠨ ᠠᠭᠤᠯᠭ᠎ᠠ ᠡᠴᠠ ᠨᠢ ᠦᠵᠡᠪᠠᠯ ᠳᠠᠢ᠌ᠪᠠᠯᠭᠠᠨ ᠶᠡᠭᠡ ᠲᠡᠶ ᠳᠠᠢ᠌ᠨ ᠤ ᠠᠮᠢᠳᠤᠷᠠᠯ᠂ ᠭᠦᠭ᠍ᠵᠢᠯᠳᠡ ᠪᠦᠷᠢᠨ ᠳᠠᠢ᠌ᠪᠣᠩ ᠠᠮᠢᠳᠤᠷᠠᠯ᠂ ᠭᠦᠷᠦᠩᠭᠡ ᠡᠭᠦᠳᠭᠦ ᠠᠵᠤ ᠠᠬᠤᠢ ᠶᠢᠨ ᠠᠮᠢᠳᠤᠷᠠᠯ᠂ ᠭᠦᠮᠦᠰ ᠤᠨ ᠪᠣᠵᠢᠭᠢᠨᠠᠳᠠᠭ ᠵᠠᠬ᠎ᠠ ᠳᠡᠯᠭᠡᠭᠦᠷ ᠤᠨ ᠠᠮᠢᠳᠤᠷᠠᠯ ᠭᠡᠵᠤ ᠪᠠᠢ᠌ᠳᠠᠭ᠃ ᠳᠡᠭᠡᠭᠡᠳ ᠪᠠᠰᠠ ᠠᠮᠢᠳᠤᠷᠠᠯ ᠤᠨ ᠨᠠᠷᠢᠨ ᠣᠤᠠᠬ᠎ᠠ ᠶᠢ ᠴᠠᠰᠢ ᠨᠠᠷᠢᠪᠴᠢᠯᠠᠪᠠᠯ ᠭᠦᠮᠤᠨ ᠤ ᠠᠮᠢᠳᠤᠷᠠᠯ ᠢ ᠭᠦᠭ᠍ᠰᠢᠳ ᠤᠨ ᠠᠮᠢᠳᠤᠷᠠᠯ᠂ ᠢᠳᠠᠷᠴᠤᠤᠳ ᠤᠨ ᠠᠮᠢᠳᠤᠷᠠᠯ᠂ ᠵᠠᠯᠠᠭᠤᠴᠤᠳ ᠤᠨ ᠠᠮᠢᠳᠤᠷᠠᠯ᠂ ᠪᠠᠭᠠᠴᠤᠳ ᠤᠨ ᠠᠮᠢᠳᠤᠷᠠᠯ᠂ ᠨᠢᠯᠬᠠᠰ ᠤᠨ ᠠᠮᠢᠳᠤᠷᠠᠯ ᠭᠡᠵᠤ ᠨᠠᠰᠤᠨ ᠤ ᠪᠠᠢ᠌ᠳᠠᠯ ᠶᠢᠡᠷ ᠨᠢ ᠳᠤᠳᠤᠷᠠᠭᠤᠯᠤᠨ ᠳᠦᠷᠦᠯᠵᠢᠭᠦᠯᠵᠤ᠂ ᠳᠡᠭᠦᠨ ᠢ ᠡᠮᠤᠨ᠎ᠡ ᠡᠮᠤᠨ᠎ᠡ ᠪᠠᠨ ᠣᠠᠴᠠᠯᠢᠭ ᠳᠠᠢ ᠣᠨᠤᠵᠤ ᠳᠤᠭᠢᠷᠠᠭᠤᠯᠤᠭᠰᠠᠨ ᠶᠤᠰᠤ ᠵᠦᠢ᠌ ᠲᠡᠶ ᠶᠢ ᠨᠢ ᠰᠠᠯᠭᠠᠨ ᠭᠡᠯᠡᠵᠤ ᠪᠣᠯᠳᠠᠭ᠃ ᠳᠠᠷᠠᠴᠢᠯᠠᠨ ᠪᠠᠰᠠ ᠭᠦᠮᠤᠨ ᠤ ᠠᠮᠢᠳᠤᠷᠠᠯ ᠳᠤᠳᠤᠷ᠎ᠠ ᠡᠷᠡᠭ᠍ᠳᠡᠢ᠌ᠴᠦᠳ ᠤᠨ ᠠᠮᠢᠳᠤᠷᠠᠯ᠂ ᠡᠮᠡᠭ᠍ᠳᠡᠢ᠌ᠴᠦᠳ ᠤᠨ ᠠᠮᠢᠳᠤᠷᠠᠯ ᠭᠡᠵᠤ ᠭᠦᠢᠰᠤ ᠢᠯᠭᠠᠯ ᠶᠢᠡᠷ ᠨᠢ ᠢᠯᠡᠷᠭᠡᠢ ᠢᠯᠭᠠᠵᠤ ᠪᠠᠢ᠌ᠬᠤ ᠶᠢ ᠭᠡᠨ ᠪᠦᠭᠦᠨ ᠮᠡᠳᠡᠳᠡᠭ᠌᠃ ᠪᠠᠰᠠ᠂ ᠭᠦᠮᠤᠨ ᠤ ᠠᠮᠢᠳᠤᠷᠠᠯ ᠳᠤ ᠬᠤᠳᠠ ᠶᠢᠨ ᠠᠮᠢᠳᠤᠷᠠᠯ᠂ ᠭᠦᠳᠡᠭᠡ ᠵᠢᠨ ᠠᠮᠢᠳᠤᠷᠠᠯ ᠭᠡᠳᠡᠭ᠌ ᠣᠷᠤᠨ ᠪᠠᠢ᠌ᠷᠢ ᠶᠢᠨ ᠠᠮᠢᠳᠤᠷᠠᠯ ᠤᠨ ᠳᠤᠭᠳᠠᠴᠠ ᠲᠡᠶ ᠵᠡᠷᠭᠡᠴᠡᠭᠡᠳ ᠮᠠᠯᠴᠢᠨ ᠤ ᠠᠮᠢᠳᠤᠷᠠᠯ᠂ ᠠᠵᠢᠯᠴᠢᠨ ᠤ ᠠᠮᠢᠳᠤᠷᠠᠯ᠂ ᠺᠠᠳ᠋ᠷ ᠤᠨ ᠠᠮᠢᠳᠤᠷᠠᠯ᠂ ᠪᠠᠭᠰᠢ ᠶᠢᠨ ᠠᠮᠢᠳᠤᠷᠠᠯ᠂ ᠴᠡᠷᠢᠭ᠌ ᠤᠨ ᠠᠮᠢᠳᠤᠷᠠᠯ᠂ ᠰᠠᠠᠰᠠᠷᠴᠢᠨ ᠤ ᠠᠮᠢᠳᠤᠷᠠᠯ ᠭᠡᠭᠦ ᠮᠠᠳᠤ ᠶᠢᠨ ᠠᠵᠢᠯ ᠳᠦᠷᠤᠯ ᠳᠤᠰᠬᠠᠢ ᠮᠡᠷᠭᠡᠵᠢᠯ ᠶᠢᠡᠷ ᠨᠢ ᠠᠩᠭᠢᠯᠠᠯ ᠪᠣᠯᠭᠠᠭᠰᠠᠨ ᠠᠮᠢᠳᠤᠷᠠᠯ ᠤᠨᠢᠯᠭᠠᠭ᠎ᠠ ᠣᠷᠤᠰᠢᠨ᠎ᠠ᠃ ᠡᠨᠡᠴᠢᠯᠡᠨ᠂ ᠭᠦᠮᠤᠨ ᠤ ᠨᠢᠭᠡ ᠨᠠᠰᠤᠨ ᠤ ᠠᠮᠢᠳᠤᠷᠠᠬᠤ ᠶᠢᠨ ᠲᠤᠬᠢᠶᠠᠯᠳᠤᠮᠵᠢ ᠳᠤ ᠣᠴᠠᠷᠠᠬᠤ ᠭᠦᠷᠦᠩᠭᠡ ᠶᠢᠨ ᠳᠠᠭᠠᠴᠠ ᠪᠠᠷ ᠶᠢᠡᠨ ᠲᠦᠷ ᠳᠤᠳᠤᠷᠠᠬᠤ ᠬᠠᠭᠠᠷᠠᠭᠰᠠᠨ ᠪᠠᠶᠠᠨ ᠤ ᠡᠳ᠋ ᠵᠥᠭᠡᠷᠢ ᠳ᠋ᠡᠭᠡᠨ ᠪᠠᠷᠳᠠᠮᠨᠠᠭᠰᠠᠨ ᠡᠡᠮᠢᠳᠦᠷᠡᠯ ᠰᠤᠨᠢᠨ ᠪᠣᠯᠵᠤ ᠨᠢᠭᠡ ᠥᠪᠦᠷᠡᠭ᠍ᠳᠡᠭᠡᠳ᠂ ᠨᠢᠴᠦᠭᠦᠨ ᠶᠠᠳᠠᠭᠤ ᠶᠢᠨ ᠠᠷᠭ᠎ᠠ ᠶᠠᠳᠠᠵᠤ ᠠᠮᠢ ᠵᠢᠭᠤᠭᠰᠠᠨ ᠭᠤᠨᠢᠷᠠᠩᠭ᠋ᠤᠢ ᠠᠮᠢᠳᠤᠷᠠᠯ ᠪᠠᠰᠠ ᠵᠡᠷᠭᠡᠯᠡᠵᠤ ᠲᠤᠬᠢᠶᠠᠯᠳᠤᠭᠠᠤᠨ ᠵᠦᠷᠢᠶᠠᠳᠤ ᠢᠯᠭᠠᠪᠣᠷᠢ ᠨᠢ ᠭᠦᠮᠦᠰ ᠤᠨ ᠳᠠᠷᠢᠭᠢ ᠶᠢᠨ ᠭᠦᠳᠡᠯᠦᠮᠵᠢ ᠶᠢ ᠳᠤᠷᠭᠢᠭᠤᠯᠤᠨ ᠬᠤᠭᠤᠷᠤᠠᠳᠤ ᠪᠠᠨ ᠬᠠᠷᠢᠯᠴᠠᠨ 『ᠲ᠋ᠡᠩᠴᠡᠯᠳᠡᠭᠦ ᠊᠊᠊᠊᠊᠊᠊᠊᠊᠊᠊᠊᠊᠊᠊ ᠬᠤᠴᠤᠷᠠᠵᠤ ᠊᠊᠊᠊᠊᠊᠊᠊᠊᠊᠊᠊᠊᠊᠊ ᠥᠯᠡᠭᠦ』ᠠᠲᠠᠭᠠᠷᠬᠠᠯ ᠳᠦᠷᠢᠯᠳᠦᠭᠡ ᠲᠡᠶ ᠪᠠᠶ᠎ᠠ ᠰᠡᠳᠭᠢᠯ ᠤᠨ ᠬᠠᠳᠠᠭᠤ ᠱᠠᠯᠠᠭ᠎ᠠ ᠭᠠᠷᠭᠠᠨ᠎ᠠ᠃ ᠳᠡᠭᠦᠨ ᠤ ᠳᠤᠳᠤᠷ᠎ᠠ ᠠᠮᠢᠳᠤᠷᠠᠬᠤ ᠵᠦᠢ᠌ ᠪᠠᠨ ᠪᠠᠶ᠎ᠠ ᠨᠢ ᠵᠤᠭᠢᠴᠠᠮᠵᠢᠭᠤᠯᠵᠤ ᠴᠢᠳᠠᠯ ᠦᠭᠡᠶ ᠪᠣᠰᠤᠳ ᠤᠨ ᠵᠢᠭ᠍ᠰᠢᠯ ᠭᠢᠭᠡᠳ ᠭᠦᠭᠡᠷᠦᠭᠦᠢᠯᠡᠯ ᠤᠨ ᠡᠮᠤᠨ᠎ᠡ ᠠᠷᠠᠢ ᠠᠮᠢ ᠲᠡᠶ ᠳᠠᠭᠵᠢᠭᠰᠠᠨ ᠭᠣᠢ᠌ᠯᠭᠠᠠᠴᠢ ᠶᠢᠨ ᠠᠮᠢᠳᠤᠷᠠᠯ ᠭᠡᠵᠢᠶᠡᠳᠡ ᠳᠤᠯᠤᠭᠠᠢ ᠦᠨᠳᠠᠢ᠌ᠵᠤ ᠭᠦᠪᠦᠯᠵᠡᠨ᠎ᠡ᠃ ᠳᠡᠭᠡᠳᠡᠯ᠎ᠡ ᠪᠠᠰᠠ ᠣᠶᠤᠨ ᠬᠤᠷᠴᠠ ᠭᠠᠷ ᠳᠦᠷᠭᠡᠨ ᠪᠣᠳᠤᠭᠰᠠᠨ ᠶᠢᠡᠨ ᠡᠭᠦᠳᠦᠭ᠍ᠴᠢ ᠶᠢᠨ ᠠᠮᠢᠳᠤᠷᠠᠯ ᠠᠯᠠᠭᠬᠠᠨ ᠬᠤᠷᠸ᠎ᠠ ᠳᠤ ᠠᠭᠳᠠ ᠵᠢᠨ ᠣᠭᠤᠳᠠ ᠪᠣᠯᠢᠶᠠᠯᠳᠠᠭᠤᠯᠤᠨ ᠲᠦᠮᠡᠨ ᠤ ᠳᠦᠷᠦᠭᠦᠨ ᠳᠤ ᠭᠢᠯᠠᠷᠠᠭᠤᠯᠵᠤ ᠶᠠᠪᠣᠬᠤ ᠨᠢ ᠮᠦᠨ ᠭᠠᠢ᠌ᠬᠠᠮᠰᠢᠭ ᠳᠦᠷᠦᠭᠦᠯᠤᠨ᠎ᠡ᠃ ᠪᠣᠳᠠᠳᠠᠢ ᠪᠠᠷ ᠭᠡᠯᠡᠪᠠᠯ᠂ ᠠᠮᠢᠳᠤᠷᠠᠯ ᠪᠣᠯ ᠭᠡᠢ ᠬᠤᠭᠤᠰᠤᠨ ᠥᠵᠡᠭ᠍ᠳᠡᠯ ᠪᠢᠰᠢ᠃ ᠳᠡᠷᠡ ᠭᠡᠳᠡᠭ᠌ ᠴᠢᠨᠢ ᠬᠤᠷᠸ᠎ᠠ ᠳᠠᠯ᠎ᠠ ᠡᠴᠠ ᠨᠢ ᠭᠡᠯᠡᠪᠠᠯ ᠭᠦᠮᠤᠨ ᠠᠮᠢᠳᠠᠨ ᠣᠷᠤᠰᠢᠵᠤ ᠣᠷᠤᠩᠨᠠᠭᠠᠤᠨ ᠠᠮᠢᠳᠤᠷᠠᠬᠤᠢ ᠵᠢᠨ ᠡᠯᠳᠡᠪ ᠡᠰᠡ ᠶᠢᠨ ᠭᠦᠳᠦᠯᠪᠦᠷᠢ ᠭᠢᠵᠤ ᠪᠠᠢ᠌ᠬᠤ ᠠᠬᠤᠢ ᠳᠠᠯᠠᠪᠠᠢ ᠶᠢ ᠥᠵᠡᠭᠦᠯᠦᠭ᠍ᠰᠡᠨ ᠪᠣᠳᠤᠯᠢᠶᠠᠠᠳᠤ ᠦᠷᠭᠡᠨ ᠶᠡᠭᠡ ᠣᠷᠤᠨ ᠵᠠᠢ ᠮᠦᠨ᠃

      ᠬᠠᠢ᠌ᠷᠬᠠᠨ ᠮᠢᠨᠢ ︕ ᠴᠤᠬᠤᠮ ᠳᠠᠭᠠᠨ ᠠᠮᠢᠳᠤᠷᠠᠯ ᠭᠡᠭ᠍ᠴᠢ ᠴᠢᠨᠢ ᠦᠨᠡᠨ ᠭᠡᠳᠡᠭ᠌ ᠥᠭᠡ ᠶᠢᠨ ᠪᠣᠯᠪᠠᠰᠤᠷᠠᠯ ᠤᠨ ᠵᠤᠤᠬ᠎ᠠ ᠮᠦᠨ᠃ ᠭᠡᠭᠦ ᠳᠡᠭᠡᠨ ᠳᠠᠷᠠ ᠨᠢ ᠭᠦᠮᠦᠡᠯᠢᠭ᠌ ᠳᠠᠪᠳᠠᠮᠵᠢ ᠵᠢᠨ ᠣᠯᠳᠠᠬᠤ ᠳᠤ ᠬᠤᠪᠣᠷ ᠳᠠᠮᠤᠷ ᠤᠨ ᠭᠦᠳᠡᠷ ᠢ ᠣᠶᠠᠰᠬᠠᠨ ᠬᠠᠢ᠌ᠯᠠᠭᠤᠯᠠᠵᠤ ᠵᠢᠩᠭᠢᠨᠢ ᠪᠣᠯᠤᠳ ᠢ ᠢᠯᠭᠠᠷᠠᠭᠤᠯᠠᠵᠤ ᠴᠢᠳᠠᠳᠠᠭ ᠡᠷᠳᠡᠨᠢ ᠶᠢᠨ ᠵᠤᠤᠬ᠎ᠠ ᠮᠦᠨ᠂ ᠭᠡᠷᠡᠭᠯᠡᠭᠦ ᠳᠤ ᠢᠯᠭᠤᠮ ᠠᠯᠳᠠᠨ ᠤ ᠰᠠᠢ᠌ᠨ ᠢ ᠰᠤᠳᠤᠯᠠᠨ ᠰᠢᠭ᠍ᠰᠢᠵᠤ ᠭᠠᠷᠭᠠᠳᠠᠭ ᠬᠠᠮᠤᠭ ᠡᠴᠠ ᠣᠠᠴᠠᠭᠠᠢ ᠰᠢᠯᠢᠭ᠍ᠳᠡᠮᠡᠯ ᠵᠤᠤᠬ᠎ᠠ ᠮᠦᠨ ︕ ᠳᠡᠭᠦᠨ ᠤ ᠦᠦ ︖ ᠭᠦᠭᠡᠷᠭᠡ ᠶᠢᠨ ᠭᠠᠯ ᠨᠢ ᠳᠦᠷᠡᠯᠵᠡᠭᠦ ᠳᠤᠳᠤᠮ ᠰᠠᠢ᠌ᠨ ᠰᠠᠢ᠌ᠬᠠᠨ ᠤ ᠢᠷᠸ᠎ᠠ ᠳᠠᠪᠢᠯᠠᠩ ᠤᠨ ᠬᠤᠷᠤᠢ ᠳᠠᠭᠤᠳᠠᠯᠭ᠎ᠠ ᠡᠭᠡᠰᠢᠭᠯᠡᠵᠤ ᠳᠠᠩᠰᠤᠭ ᠵᠢᠷᠭᠠᠯ ᠶᠢᠡᠨ ᠪᠠᠢ᠌ᠭᠤᠯᠬᠤ ᠣᠷᠠᠢ ᠳᠠᠭᠤᠨ ᠡᠵᠡᠨ ᠭᠦᠮᠦᠰ ᠲᠡᠶ ᠪᠠᠨ ᠬᠠᠮᠳᠤ ᠵᠤᠯ ᠪᠠᠶᠠᠷ ᠲᠡᠶ ᠵᠤᠯᠭᠠᠵᠤ ᠨᠠᠷᠭᠢᠨ᠎ᠠ᠃ ᠳᠡᠭᠡᠭᠦ ᠳᠤ ᠪᠠᠰᠠ ᠬᠠᠷᠢᠨ ᠮᠠᠭᠤ ᠮᠠᠭᠤᠬᠠᠢ ᠶᠢᠨ ᠪᠣᠯᠭᠢ ᠪᠦᠭᠦᠨ ᠰᠢᠭᠠᠷᠤᠯᠠᠭᠳᠠᠨ ᠬᠠ‍‌ᠶᠠᠭᠳᠠᠭᠠᠤᠨ ᠬᠤᠴᠤᠷᠴᠤ ᠳᠦᠭᠦᠷᠡᠭ᠍ᠰᠡᠨ ᠳ᠋ᠡᠭᠡᠨ ᠭᠤᠮᠤᠳᠡᠨ ᠬᠤᠷᠤᠰᠴᠤ ᠬᠠᠷᠢᠶᠠᠯ ᠵᠥᠭᠡᠯ ᠶᠢᠡᠨ ᠳᠠᠯᠪᠢᠨ ᠬᠠᠯᠬ᠎ᠠ ᠪᠠᠨ ᠳᠠᠰᠢᠭᠤᠯᠤᠭᠴᠢᠳ ᠲᠡᠶ ᠪᠠᠨ ᠨᠡᠢ᠌ᠯᠡᠭᠡᠳ ᠭᠡᠭᠡᠭ᠍ᠳᠡᠮᠡᠯ ᠬᠠᠶᠠᠭᠳᠠᠮᠠᠯ ᠤᠨ ᠣᠷᠤᠨ ᠪᠠᠢ᠌ᠷᠢ ᠳᠠᠯ᠎ᠠ ᠳᠠᠴᠢᠶᠠᠯ ᠳᠠᠢ ᠣᠳᠤᠨ᠎ᠠ᠃ ᠡᠨᠡ ᠪᠣᠯ ᠳᠠᠷᠤᠢ ᠦᠨᠡᠨ ᠥᠭᠡ ᠭᠡᠳᠡᠭ᠌ ᠠᠮᠢᠳᠤᠷᠠᠯ ᠳᠤ ᠪᠣᠯᠪᠠᠰᠤᠷᠠᠭᠰᠠᠨ ᠭᠢᠵᠠᠭᠠᠷ ᠦᠭᠡᠶ ᠴᠢᠭᠡᠴᠢ ᠶᠢᠨ ᠴᠤᠬᠤᠮ ᠳᠤᠮᠢᠶ᠎ᠠ ᠮᠦᠨ ︕ ᠠᠮᠢᠳᠤᠷᠠᠯ ᠤᠨ ᠦᠨᠡᠨ ᠤ ᠳᠤᠮᠢᠶ᠎ᠠ ᠳᠤ ᠵᠤᠭᠢᠴᠠᠵᠤ ᠴᠢᠳᠠᠭᠰᠠᠤᠨ ᠤᠨ ᠠᠬᠤᠢ ᠪᠠᠢ᠌ᠳᠠᠯ ᠤᠨ ᠬᠤᠪᠢᠷᠠᠯᠳᠠ ᠶᠢ ᠪᠣᠳᠠᠳᠠᠢ ᠲᠡᠶ ᠨᠡᠢ᠌ᠴᠡᠭᠦᠯᠦᠭ᠍ᠰᠡᠨ ᠳᠤᠭᠢᠷᠠᠮᠵᠢᠯ ᠮᠦᠨ ︕ ᠡᠭᠦᠨ ᠤ ᠡᠰᠡᠷᠭᠦᠤ ᠨᠢ ᠠᠮᠢᠳᠤᠷᠠᠯ ᠤᠨ ᠠᠯᠢᠪᠠ ᠳᠠᠯ᠎ᠠ ᠶᠢᠨ ᠪᠠᠢ᠌ᠷᠢ ᠰᠠᠭᠤᠷᠢ ᠠᠯᠳᠠᠭᠴᠢ ᠳᠤ ᠳᠡᠩᠰᠡᠯᠡᠭᠳᠡᠭᠡᠳ ᠭᠦᠰᠡᠯ ᠵᠤᠷᠢᠯᠳᠠ ᠨᠢ ᠡᠰᠡ ᠪᠠᠶᠡᠯᠡᠭ᠍ᠳᠡᠭ᠍ᠰᠡᠨ ᠦᠷᠤ ᠡᠪᠠᠳᠦᠭᠦᠯᠦᠭ᠍ᠴᠢ ᠳᠤ ᠳᠤᠭᠠᠯᠠᠭᠳᠠᠳᠠᠭ ᠪᠢᠯᠠ︕ ᠳᠡᠢ᠌ᠡᠭᠦ ᠡᠢ᠌ᠮᠤ ᠬᠠᠳᠠᠭᠤ ᠶᠤᠰᠤ ᠡᠴᠠ ᠭᠡᠨ ᠪᠦᠭᠦᠨ ᠶᠠᠷᠤ ᠳᠡᠭᠡᠨ ᠵᠠᠢ᠌ᠯᠠᠵᠤ ᠭᠠᠷᠴᠤ ᠴᠢᠳᠠᠳᠠᠭ ᠦᠭᠡᠶ᠂ ᠳᠡᠭᠦᠨ ᠤ ᠭᠡᠴᠡᠭᠦᠤ ᠱᠠᠯᠠᠭ᠎ᠠ ᠶᠢ ᠡᠷᠭᠡᠪᠰᠢ ᠳᠤᠰᠤᠨ ᠭᠦᠯᠢᠶᠡᠵᠤ ᠠᠪᠳᠠᠭ ᠮᠦᠷᠳᠡᠭᠡᠨ ᠬᠠᠳᠠᠭᠤ ᠱᠠᠯᠠᠭ᠎ᠠ ᠭᠦᠷᠳᠡᠭ᠍ᠰᠡᠨ ᠤ ᠪᠠᠨ ᠡᠴᠦᠰ ᠲᠤ ᠶᠠᠭᠤ ᠶᠠᠮᠠᠷ ᠦᠷ᠎ᠡ ᠳ᠋ᠦ᠋ᠩ ᠶᠢᠡᠨ ᠵᠠᠪᠠᠯ ᠣᠯᠳᠠᠭ ᠢ ᠬᠠᠰᠢᠯᠠ ᠦᠨᠡᠨ ᠭᠡᠳᠡᠭ᠌ ᠥᠭᠡ ᠵᠢᠨ ᠦᠪᠡᠷ ᠪᠠᠶ᠎ᠠ ᠨᠢ ᠯᠠ ᠮᠠᠳᠠᠨ᠎ᠡ ︕ ᠶᠠᠭ ᠳᠠᠢ᠌ᠮᠤ ︕ ᠨᠠᠰᠤᠳᠠᠢ᠌ᠴᠤᠳ᠂ ᠶᠠᠭᠤ ᠨᠢᠭᠡ ᠭᠡᠷᠡᠭ᠌ ᠲᠤ ᠠᠯᠳᠠᠵᠤ ᠣᠨᠤᠬᠤ ᠶᠢᠨ ᠳᠠᠪᠠᠭᠠᠨ ᠳᠡᠭᠡᠷ᠎ᠡ ᠪᠠᠶ᠎ᠠ ᠪᠠᠨ ᠭᠡᠮᠰᠢᠵᠤ ᠭᠡᠯᠡᠳᠡᠭ᠌ ᠄ 『ᠭᠦᠮᠤᠨ ᠭᠡᠭ᠍ᠴᠢ ᠠᠮᠢᠳᠠᠨ ᠵᠢᠷᠠ ᠨᠠᠰᠤᠯᠠᠳᠠᠯ᠎ᠠ ᠪᠠᠨ ᠣᠬᠠᠭᠠᠨ ᠣᠷᠤᠳᠠᠭ ᠦᠭᠡᠶ᠂ ᠶᠠᠭ ᠵᠢᠷᠠᠨ ᠨᠠᠰᠤ ᠭᠦᠷᠦᠭᠡᠳ ᠣᠬᠠᠭᠠᠨ ᠣᠷᠤᠵᠤ᠂ ᠵᠢᠷᠠᠨ ᠨᠢᠭᠡᠨ ᠨᠠᠰᠤᠳᠠᠢ ᠳᠡᠭᠡᠨ ᠥᠭᠦᠵᠤ ᠣᠳᠤᠳᠠᠭ ᠭᠡᠳᠡᠭ᠌ ᠨᠢ ᠡᠨᠡ ᠦᠦ ︖ 』 ᠭᠡᠵᠤ ᠶᠠᠷᠢᠳᠠᠭ ᠬᠤᠷᠰᠢᠮᠠᠯ ᠥᠭᠡ ᠳᠤ ᠭᠦᠮᠤᠨ ᠤ ᠠᠮᠢᠳᠤᠷᠠᠯ ᠤᠨ ᠶᠠᠮᠠᠷ ᠨᠢᠭᠡ ᠬᠤᠪᠢᠰᠤᠩᠭ᠋ᠤᠢ ᠪᠣᠳᠠᠰᠴᠢ ᠦᠵᠡᠯ ᠤᠨ ᠭᠦᠨ ᠶᠤᠰᠤ ᠠᠭᠤᠯᠠᠭᠳᠠᠵᠤ ᠪᠠᠢ᠌ᠬᠤ ᠨᠢ ᠪᠣᠳᠤᠭᠳᠠᠨ᠎ᠠ᠂ ᠠᠯᠳᠠᠵᠤ ᠣᠨᠤᠬᠤ ᠬᠠᠳᠠᠭᠤ ᠵᠢᠮ᠎ᠠ ᠲᠡᠶ ᠭᠦᠮᠤᠨ ᠤ ᠠᠮᠢᠳᠤᠷᠠᠯ ᠤᠨ ᠵᠠᠮ ᠨᠢ ᠣᠯᠵᠤ ᠭᠡᠭᠡᠭᠦ ᠭᠠᠷ ᠠᠪᠣᠯᠭ᠎ᠠ ᠶᠢᠨ ᠣᠨᠤᠰᠢ ᠳᠠᠢ᠌ᠯᠠᠯ ᠤᠨ ᠥᠩᠭᠡᠷᠡᠯ ᠢ ᠡᠷᠭᠡ ᠦᠭᠡᠶ ᠳᠠᠭᠠᠭᠠᠵᠤ ᠭᠠᠷᠳᠠᠭ ᠨᠢ ᠰᠠᠨᠠᠭᠳᠠᠨ᠎ᠠ᠃

       ᠠᠮᠢᠳᠤᠷᠠᠯ ᠭᠡᠭ᠍ᠴᠢ ᠠᠮᠢᠳᠤ ᠵᠢᠨ ᠡᠯᠴᠢ ᠪᠢᠯᠠ︕ ᠭᠦᠮᠤᠨ ᠤ ᠨᠢᠭᠡ ᠨᠠᠰᠤᠨ ᠤ ᠠᠶᠠᠨ ᠵᠠᠮ ᠤᠨ ᠪᠣᠳᠠᠳᠠᠢ ᠵᠢᠷᠤᠭᠯᠠᠯ ᠪᠢᠯᠠ᠃ ᠶᠠᠭᠠᠭᠢᠵᠤ ᠭᠡᠯᠡᠭ᠍ᠰᠡᠨ ᠴᠤ ᠠᠮᠢᠳᠤᠷᠠᠯ ᠪᠣᠯ ᠭᠦᠮᠤᠨ ᠳᠤ ᠪᠠᠢ᠌ᠭᠰᠠᠨ ᠬᠠᠮᠤᠭ ᠶᠢᠡᠨ ᠥᠭ᠍ᠴᠤ᠂ ᠳᠠᠭᠢᠨ ᠬᠠᠢ᠌ᠷ᠎ᠠ ᠭᠦᠷᠳᠡᠭ᠍ᠴᠢ ᠳᠡᠭᠡᠨ ᠲᠦᠰᠢᠨ ᠣᠷᠤᠰᠢᠨ ᠲ᠋ᠤᠭᠳᠠᠨᠢᠳᠠᠭ ᠴᠤ ᠭᠦᠮᠤᠨ ᠢ ᠦᠷᠭᠦᠯᠵᠢ ᠪᠠᠷᠠᠭᠳᠠᠰᠢ ᠦᠭᠡᠶ ᠪᠠᠢ᠌ᠬᠤ ᠳᠠᠢ ᠬᠠᠮᠤᠭ ᠤᠨ ᠰᠠᠩ ᠳᠤ ᠣᠷᠤᠭᠤᠯᠵᠤ ᠣᠷᠭᠢᠭᠠᠤᠨ ᠮᠥᠩᠭᠡ ᠠᠰᠠᠷᠠᠵᠤ ᠡᠷᠭᠡᠯᠡᠭᠦᠯᠳᠡᠭ᠌ ᠦᠭᠡᠶ᠂ ᠊ᠭ᠍᠊‍ᠭᠢᠷ ᠳᠤᠭᠤᠰᠤ ᠨᠠᠭᠠᠯᠳᠤᠭᠤᠯᠤᠯ ᠦᠭᠡᠶ ᠳᠤᠷᠭᠠᠨ ᠮᠠᠠᠴᠤᠢ ᠳᠤ ᠭᠡᠵᠢᠶᠡᠳᠡ ᠨᠢᠯᠬ᠎ᠠ ᠪᠠᠷ ᠨᠢ ᠪᠠᠢ᠌ᠯᠠᠭᠠᠵᠤ ᠳᠠᠭᠠᠯᠠᠭᠠᠤᠨ ᠪᠠᠢ᠌ᠳᠠᠭ ᠴᠤ ᠦᠭᠡᠶ ᠵᠠᠩ ᠰᠤᠨᠢᠨ ᠲᠡᠶ ᠣᠷᠤᠰᠢᠬᠤᠢ ᠪᠢᠯᠠ ︕ ᠭᠦᠮᠤᠨ ᠡᠭᠡ ᠶᠢᠨ ᠭᠡᠪᠠᠯᠢ ᠳᠤ ᠪᠦᠷᠢᠯᠳᠤᠨ ᠪᠦᠳᠦᠵᠤ ᠡᠭᠢᠯᠡᠭᠦ ᠡᠴᠠ ᠠᠪᠤᠭᠠᠳ ᠡᠵᠢ ᠠᠪᠣ ᠶᠢᠨ ᠵᠢᠡᠨ ᠡᠷᠳᠡᠨᠢ ᠵᠢᠨ ᠦᠷ᠎ᠡ ᠪᠠᠨ ᠠᠯᠳᠠᠨ ᠳᠡᠯᠡᠭᠡᠢ ᠳᠤ ᠮᠠᠠᠳᠤ ᠠᠮᠤᠭᠤᠯᠠᠩ ᠳᠦᠷᠤᠵᠤ ᠢᠷᠡᠭᠦ ᠶᠢ ᠭᠦᠯᠢᠶᠡᠭᠦ ᠭᠡᠢ ᠨᠠᠰᠤᠨ ᠤ ᠠᠰᠠᠷᠠᠮᠵᠢ ᠶᠢᠨ ᠦᠶ᠎ᠡ ᠡᠴᠡ ᠡᠭᠢᠯᠡᠭᠡᠳ᠂ ᠴᠢᠱᠭᠢᠭ᠍ᠰᠡᠨ ᠤᠶᠠᠬᠠᠨ ᠳᠠᠭᠤᠨ ᠡᠴᠠ ᠨᠢ ᠣᠠᠳᠤᠤ ᠶᠠᠭᠤ ᠴᠤ ᠦᠭᠡᠶ ᠪᠠᠷ ᠡᠨᠡ ᠶ‍ᠢᠷᠳᠢᠠᠴᠤ ᠳᠤ ᠱᠠᠯᠳᠠᠩ ᠨᠢᠴᠦᠭᠦᠨ ᠢᠷᠡᠭᠦ ᠳᠠᠷᠠ ᠣᠴᠢᠷ ᠲᠡᠶ ᠴᠠᠭ ᠮᠦᠴᠡ ᠭᠦᠷᠳᠡᠯ᠎ᠡ ᠪᠠᠨ ᠭᠦᠮᠤᠨ ᠤ ᠠᠩᠬᠠᠨ ᠤ ᠠᠮᠢᠳᠤᠷᠠᠯ ᠢ ᠡᠳ᠋ᠯᠡᠵᠤ ᠡᠭᠢᠯᠡᠳᠡᠭ᠌ ᠪᠢᠰᠢᠤ ︖ ᠳᠠᠷᠠᠭ᠎ᠠ ᠨᠢ ᠶᠠᠭᠠᠭᠢᠨ᠎ᠠ ᠭᠡᠪᠠᠯ᠂ ᠡᠵᠢ ᠶᠢᠨ ᠶᠢᠡᠨ ᠭᠦᠭᠦ ᠶᠢ ᠭᠦᠭᠦᠵᠤ ᠮᠠᠠᠴᠤᠢ ᠳᠤ ᠭᠡᠪᠳᠡᠵᠤ ᠰᠠᠭᠠᠳᠠᠭᠤᠯᠤᠭᠳᠠᠨ᠎ᠠ᠂ ᠳᠤᠤᠷ᠎ᠠ ᠪᠠᠨ ᠪᠠᠭᠠᠵᠤ ᠰᠢᠭᠡᠭᠡᠳ ᠬᠤᠴᠢᠯᠭ᠎ᠠ ᠳᠡᠪᠢᠰᠭᠡᠷ ᠶᠢᠡᠨ ᠰᠤᠯᠢᠭᠤᠯᠤᠨ᠎ᠠ᠂ ᠰᠦᠨᠢ ᠲᠦᠯᠢ ᠴᠤ ᠭᠡᠳ ᠡᠵᠢ ᠪᠠᠨ ᠠᠮᠠᠷᠠᠭᠤᠯᠠᠬᠤ ᠦᠭᠡᠶ ᠣᠬᠢᠯᠠᠵᠤ ᠣᠠᠵᠢᠭᠠᠤᠨ ᠪᠦᠪᠠᠢ ᠶᠢᠨ ᠳᠠᠭᠤᠤ ᠳᠠᠭᠤᠯᠠᠭᠤᠯᠤᠨ᠎ᠠ᠂ ᠬᠤᠨᠢ ᠶᠢᠨ ᠥᠭᠡᠭᠦᠨ ᠰᠡᠭᠦᠯ ᠤᠨ ᠵᠦᠰᠤᠮᠠᠯ ᠢ ᠰᠢᠮᠠᠳᠠᠢ ᠭᠡᠳ ᠭᠦᠭᠦᠯᠡᠭᠦᠯ᠎ᠡ ᠶᠠᠭᠤ ᠶᠠᠭᠠᠭᠢᠭᠰᠠᠨ ᠢ ᠮᠡᠳᠡᠭᠦ ᠦᠭᠡᠶ ᠭᠡᠯᠡ ᠪᠠᠷ ᠪᠠᠨ ᠲᠦᠯᠭᠢᠭᠡᠳ ᠭᠠᠷᠭᠠᠵᠤ ᠠᠰᠠᠷᠠᠭᠴᠢ ᠶᠢᠨ ᠠᠷᠭ᠎ᠠ ᠶᠢ ᠪᠠᠷᠠᠭᠳᠠᠭᠤᠯᠤᠨ᠎ᠠ᠃ ᠵᠠᠪᠰᠠᠷ ᠳᠤᠨᠢ ᠭᠦᠮᠤᠨ ᠳᠤ ᠳᠡᠪᠠᠷᠢᠭᠦᠯᠵᠤ ᠰᠢᠨ᠎ᠡ ᠰᠤᠷᠭᠤᠭ ᠠᠭᠠᠷ ᠠᠮᠢᠰᠬᠤᠨ᠎ᠠ᠃ ᠵᠠᠯᠭᠠᠭᠠᠤᠨ ᠭᠡᠯᠡᠨ ᠤ ᠳᠠᠮᠳᠤᠭ ᠣᠷᠤᠨ᠎ᠠ᠂ ᠭᠦᠯ ᠳᠤ ᠣᠷᠤᠵᠤ ᠳᠠᠮᠳᠠᠷᠠᠨ᠎ᠡ᠂ ᠮᠠᠨ ᠤ ᠬᠡᠦᠬᠡᠳ ᠢᠩᠭᠢᠪᠠ ᠳᠡᠭᠡᠪᠡ ᠭᠡᠳᠡᠭ᠌ ᠡᠵᠢ ᠠᠪᠣ ᠶᠢᠨ ᠶᠢᠡᠨ ᠭᠦᠭᠡᠷᠦᠯ ᠭᠦᠭ᠍ᠰᠡᠯ ᠳᠤ ᠡᠵᠡᠨ ᠪᠤᠯᠵᠤ ᠮᠠᠭᠠᠰᠠᠭᠠᠵᠤ ᠢᠨᠢᠶᠡᠭᠡᠳ ᠱᠤᠯᠭᠤᠨᠠᠵᠤ ᠴᠥᠯᠴᠦᠷᠡᠭᠡᠳ ᠰᠠᠷᠪᠠᠭᠠᠨᠠᠨ ᠳᠡᠭᠦᠯᠡᠩᠨᠡᠭᠡᠳ ᠨᠢᠭᠡ ᠭᠡᠷ ᠤᠨ ᠭᠦᠭ᠍ᠰᠢᠨ ᠵᠠᠯᠠᠭᠤ ᠪᠠᠭ᠎ᠠ ᠪᠠᠯᠴᠢᠷ ᠦᠭᠡᠶ ᠵᠢ ᠳᠦᠷᠭᠢᠭᠦᠯᠦᠭᠡᠳ ᠪᠦᠭᠡᠮ ᠰᠠᠢ᠌ᠬᠠᠨ ᠪᠠᠶᠠᠷ ᠪᠠᠶᠠᠰᠬᠤᠯᠠᠩ ᠠᠪᠴᠢᠷᠠᠨ᠎ᠠ᠃ ᠳᠠᠭᠢᠭᠠᠤᠨ ᠦᠦ ︖ ᠳᠠᠷᠠ ᠴᠢᠨᠢ ᠡᠵᠢ ᠪᠠᠨ ᠬᠤᠷᠮᠣᠢ᠌ᠳᠠᠨ ᠭᠦᠮᠦᠵᠢᠯ ᠣᠯᠤᠭᠠᠤᠨ ᠠᠪᠣ ᠪᠠᠨ ᠳᠠᠭᠠᠵᠤ ᠮᠤᠷᠠᠯ ᠰᠤᠷᠤᠭᠠᠤᠨ ᠪᠠᠯᠴᠢᠷ ᠨᠠᠰᠤ ᠪᠠᠨ ᠥᠩᠭᠡᠷᠡᠭᠡᠭᠦ ᠳᠡᠭᠡᠨ᠂ 『ᠣᠬᠢᠯᠠᠭᠠᠤᠨ ᠣᠬᠢᠯᠠᠭᠠᠤᠨ ᠭᠦᠮᠤᠨ ᠪᠣᠯᠤᠨ᠎ᠠ᠂ ᠮᠠᠢ᠌ᠯᠠᠭᠠᠤᠨ ᠮᠠᠢ᠌ᠯᠠᠭᠠᠤᠨ ᠮᠠᠯ ᠪᠣᠯᠤᠨ᠎ᠠ』᠂ 『ᠲ᠋ᠠᠭᠠᠯᠠᠭᠠᠤᠨ ᠥᠰᠭᠡᠭ᠍ᠰᠡᠨ ᠬᠡᠦᠬᠡᠳ ᠳᠠᠪᠤᠨ ᠯᠠᠩ᠂ ᠳᠠᠰᠢᠭᠠᠤᠨ ᠥᠰᠭᠡᠭ᠍ᠰᠡᠨ ᠬᠡᠦᠬᠡᠳ ᠳᠠᠪᠢᠨ ᠯᠠᠩ』᠂ 『ᠭᠦᠮᠤᠨ ᠪᠣᠯᠬᠤ ᠪᠠᠭ᠎ᠠ ᠡᠴᠠ ᠪᠠᠨ᠂ ᠭᠦᠯᠦᠭ᠌ ᠪᠣᠯᠬᠤ ᠣᠨᠠᠭᠠᠨ ᠡᠴᠠ ᠪᠠᠨ』 ᠭᠡᠳᠡᠭ᠌ ᠭᠦᠮᠦᠵᠢᠯ ᠪᠣᠯᠪᠠᠰᠤᠷᠠᠯ ᠤᠨ ᠦᠨ᠎ᠡ ᠴᠠᠨ᠎ᠡ ᠶᠢ ᠭᠦᠷᠳᠡᠵᠤ ᠶᠠᠪᠣᠨ᠎ᠠ 『ᠣᠭᠤᠯᠢ ᠨᠢ ᠶᠠᠮᠠᠷ ᠪᠣᠯ ᠭᠡ ᠨᠢ ᠳᠠᠢ᠌ᠮᠤ ᠪᠣᠯᠤᠨ᠎ᠠ』᠂ 『ᠭᠡᠭᠡᠷ ᠠᠯᠠᠭ ᠡᠴᠠ ᠰᠢᠭᠢᠷ᠎ᠡ ᠠᠯᠠᠭ ᠭᠠᠷᠤᠨ᠎ᠠ』 ᠭᠡᠭᠦ ᠰᠠᠷᠠᠮᠵᠢ ᠶᠢᠨ ᠶᠤᠰᠤᠨ ᠳᠤ ᠣᠬᠠᠭᠠᠨ ᠵᠢᠠᠨ ᠣᠭᠢᠶᠠᠵᠤ ᠣᠷᠤᠭᠰᠢ ᠠᠯᠬᠤᠬᠤ ᠶᠢᠨ ᠵᠦᠢ᠌ ᠪᠠᠷ ᠪᠠᠶ᠎ᠠ ᠪᠠᠨ ᠵᠤᠭᠢᠴᠠᠮᠵᠢᠭᠤᠯᠬᠤ ᠶᠢ ᠮᠡᠳᠡᠭᠡᠳ ᠳᠤᠷᠮᠤᠯᠵᠠᠨ᠎ᠠ᠃ ᠰᠤᠷᠭᠠᠭᠤᠯᠢ ᠰᠤᠶᠤᠯ ᠤᠨ ᠮᠦᠷ ᠭᠦᠭᠡᠭᠡᠵᠤ ᠶᠠᠪᠣᠬᠤ ᠳᠠᠭᠠᠨ᠂ 『ᠡᠨ ᠥᠰᠦᠭ᠌ ᠡᠷᠳᠡᠮ ᠤᠨ ᠳᠡᠭᠡᠵᠢ᠂ ᠠᠪᠳᠠᠷ᠎ᠠ ᠨᠤᠮ ᠪᠢᠯᠢᠭ᠌ ᠤᠨ ᠭᠦᠷᠦᠩᠭᠡ』᠂ 『ᠰᠤᠷ᠂ ᠰᠤᠷ᠂ ᠪᠠᠰᠠ ᠳᠠᠭᠢᠨ ᠰᠤᠷ』᠂ 『ᠰᠤᠷᠬᠤ ᠡᠴᠠ ᠪᠢᠳᠡᠭᠡᠢ ᠬᠠᠷᠢ᠂ ᠰᠤᠳᠤᠯᠬᠤ ᠡᠴᠠ ᠪᠢᠳᠡᠭᠡᠢ ᠴᠥᠭᠦᠷᠡ』᠂ 『ᠲ᠋ᠤᠰᠤᠯ ᠨᠠᠢ᠌ᠯᠠᠵᠤ ᠳᠠᠯᠠᠢ ᠪᠣᠯᠳᠠᠭ』᠂ 『ᠮᠤᠷᠠᠯ ᠰᠠᠢ᠌ᠳᠠᠢ ᠪᠠᠭᠠᠴᠤᠳ』᠂ 『ᠡᠷᠳᠡᠮ ᠴᠢᠳᠠᠪᠣᠷᠢ ᠶᠢᠨ ᠠᠩᠬᠠᠨ ᠤ ᠰᠢᠨᠤᠯᠳᠠᠨ』᠂ 『ᠡᠷᠪᠠᠭᠡᠢ ᠵᠢᠯᠢᠪᠳᠡᠭ᠍ᠰᠡᠨ ᠨᠠᠰᠤᠨ ᠳᠠᠭᠠᠨ ᠡᠷᠭᠢᠭᠡᠳ ᠶᠠᠭᠤ ᠶᠢ ᠴᠤ ᠳᠦᠰᠦᠭᠡᠯᠡᠭᠦ』ᠡᠷᠳᠡᠮ ᠮᠡᠳᠡᠯᠭᠡ ᠡᠭᠡᠯᠳᠡᠭ᠌ ᠵᠠᠩ ᠢ ᠬᠤᠤᠰᠯᠠᠭᠤᠯᠤᠨ ᠵᠡᠷᠭᠡᠯᠡᠭᠦᠯᠵᠤ ᠰᠢᠰᠲ᠋ᠧᠮ ᠲᠡᠶ ᠰᠠᠢ᠌ᠨ ᠰᠤᠷᠴᠤ ᠡᠵᠡᠮᠰᠢᠭᠡᠳ ᠴᠤᠭ ᠵᠠᠯᠢ ᠲᠡᠶ ᠭᠡᠯᠡᠷᠢᠨ᠎ᠡ ᠪᠠᠰᠠ ᠦᠦ ᠭᠢᠨ᠎ᠡ ᠭᠡᠭᠡᠴᠢ ︖ ᠳᠡᠭᠦᠨ ᠶᠢᠡᠷ ᠵᠤᠭᠰᠤᠨ᠎ᠠ ᠦᠦ ︕ ᠳᠠᠳᠠᠨ ᠵᠠᠯᠭᠠᠭᠠᠤᠨ᠂ ᠡᠯ᠎ᠡ ᠳᠦᠷᠤᠯ ᠤᠨ ᠳᠤᠮᠳᠠᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ ᠣᠩᠰᠢᠨ᠎ᠠ᠂ ᠶᠡᠭᠡ ᠰᠤᠷᠭᠠᠭᠤᠯᠢ ᠣᠩᠰᠢᠨ᠎ᠠ᠂ ᠭᠠᠳᠠᠭᠠᠳᠤ ᠳᠤ ᠭᠠᠷᠴᠤ ᠡᠷᠳᠡᠮ ᠮᠡᠳᠡᠯᠭᠡ ᠪᠠᠨ ᠦᠷᠭᠡᠳᠭᠡᠨ᠎ᠡ᠂ ᠡᠷᠳᠡᠮᠳᠡᠨ ᠴᠤᠯᠠ ᠬᠠᠮᠠᠭᠠᠯᠠᠨ᠎ᠠ᠂ ᠡᠷᠭᠢᠭᠡᠳ ᠪᠠᠰᠠ ᠨᠡᠢ᠌ᠭᠡᠮ ᠨᠠᠢ᠌ᠳᠠ ᠳᠤ ᠳᠤᠰᠠᠳᠠᠢ ᠰᠤᠨᠢᠨ ᠶᠠᠭᠤᠮ᠎ᠠ ᠰᠤᠳᠤᠯᠤᠨ᠎ᠠ᠂ ᠳᠡᠭᠡᠴᠢᠭᠡᠭᠡᠳ ᠳᠠᠷᠠᠭ᠎ᠠ ᠨᠢ ᠠᠵᠢᠯ ᠬᠠᠢ᠌ᠨ᠎ᠠ᠂ ᠣᠯᠤᠰ ᠤᠨ ᠭᠡᠷᠡᠭ᠍ᠴᠡᠭᠡᠨ ᠳᠤ ᠳᠤᠭᠢᠷᠠᠨ ᠠᠵᠢᠯ ᠣᠯᠵᠤ ᠡᠷᠳᠡᠮ ᠶᠢᠡᠨ ᠭᠡᠷᠡᠭᠯᠡᠵᠤ ᠶᠠᠭᠤ ᠨᠢᠭᠡ ᠭᠡᠷᠡᠭ᠍ᠳᠡᠢ ᠶᠠᠭᠤᠮ᠎ᠠ ᠭᠢᠵᠤ ᠪᠦᠳᠦᠭᠡᠭᠡᠳ ᠭᠠᠷᠭᠠᠬᠤ ᠭᠡᠳ ᠭᠦᠯᠦᠰᠤ ᠣᠷᠤᠰᠬᠠᠨ ᠶᠠᠭᠠᠷᠠᠤ ᠳᠠᠩᠰᠢᠨ᠎ᠡ᠃ ᠡᠭᠦᠨ ᠡᠴᠠ ᠪᠠᠨ ᠴᠠᠰᠢ ᠭᠦᠮᠤᠨ ᠳᠤ ᠪᠠᠰᠠ ᠡᠷᠭᠡᠪᠠᠰᠢ ᠭᠢᠭᠦ ᠣᠢ᠌ᠯᠠ ᠦᠷ᠎ᠡ ᠲᠡᠶ ᠶᠠᠮᠠᠷ ᠶᠠᠭᠤᠮ᠎ᠠ ᠪᠠᠢ᠌ᠨ᠎ᠠ ᠭᠡᠪᠠᠯ ᠦᠦ ︖ ᠬᠨ︕ 『ᠭᠠᠭᠴᠠ ᠮᠤᠳᠤᠨ ᠭᠠᠯ ᠪᠣᠯᠳᠠᠭ ᠦᠭᠡᠶ᠂ ᠭᠠᠭᠴᠠ ᠭᠦᠮᠤᠨ ᠠᠢ᠌ᠯ ᠪᠣᠯᠳᠠᠭ ᠥᠭᠡᠢ』᠂ 『 ᠳᠡᠭᠡᠳᠤ ᠶᠢᠨ ᠢᠷᠦᠭᠡᠯ ᠶᠢᠡᠷ ᠭᠠᠯ ᠭᠤᠯᠤᠮᠳᠠ ᠪᠠᠨ ᠵᠠᠯᠭᠠᠮᠵᠢᠯᠠᠬᠤ ᠬᠤᠪᠢᠳᠠᠢ᠂ ᠳᠡᠭ᠍ᠵᠢᠷᠡᠭᠦ ᠠᠮᠢᠳᠤᠷᠠᠯ ᠶᠢᠡᠨ ᠰᠡᠳᠭᠢᠯ ᠤᠨ ᠬᠤᠤᠰ ᠤᠳ ᠪᠠᠢ᠌ᠭᠤᠯᠠᠬᠤ ᠶᠤᠰᠤᠳᠠᠢ』᠂ 『ᠠᠪᠣ ᠶᠢᠨ ᠶᠢᠡᠨ ᠪᠠᠭᠤᠷᠢ ᠳᠤ ᠪᠠᠭᠤᠵᠤ ᠪᠠᠷᠳᠠᠭᠠᠬᠤ᠂ ᠡᠵᠢ ᠶᠢᠨ ᠰᠠᠭᠤᠷᠢ ᠳᠤ ᠰᠠᠭᠤᠵᠤ ᠭᠡᠳᠡᠢ᠌ᠭᠦ』᠂ 『ᠦᠷ᠎ᠡ ᠪᠠᠷ ᠵᠢᠠᠨ ᠦᠷ᠎ᠡ ᠭᠢᠭᠦ᠂ ᠦᠷᠢᠶ᠎ᠠ ᠪᠠᠷ ᠵᠢᠠᠨ ᠲ᠋ᠠᠭ᠎ᠠ ᠭᠢᠭᠦ』᠂ 『ᠡᠭᠡᠨᠡᠷ ᠰᠠᠢ᠌ᠨ ᠪᠣᠯᠪᠠᠴᠤ ᠭᠠᠭᠴᠠ ᠪᠠᠷ ᠶᠢᠡᠨ ᠢᠰᠡᠭᠡᠢ ᠭᠢᠵᠤ ᠴᠢᠳᠠᠳᠠᠭ ᠦᠭᠡᠶ᠂ ᠵᠠᠯᠠᠭᠤ ᠰᠠᠢ᠌ᠨ ᠪᠣᠯᠪᠠᠴᠤ ᠭᠠᠭᠴᠠ ᠪᠠᠷ ᠶᠢᠡᠨ ᠳᠠᠢ᠌ᠨ ᠭᠢᠵᠤ ᠴᠢᠳᠠᠳᠠᠭ ᠥᠭᠡᠢ』᠂ 『ᠠᠢ᠌ᠯ ᠳᠤᠮᠳᠠ ᠪᠠᠨ ᠭᠦᠡᠳᠦᠳᠡᠢ ᠶᠠᠪᠣᠬᠤ᠂ ᠠᠢ᠌ᠮᠠᠭ ᠳᠤᠳᠤᠷ᠎ᠠ ᠪᠠᠨ ᠴᠤᠤᠳᠠᠢ ᠶᠠᠪᠣᠬᠤ』᠂ 『ᠠᠢ᠌ᠯ ᠶᠢᠡᠨ ᠮᠡᠳᠡᠭ᠍ᠰᠡᠨ ᠭᠦᠮᠤᠨ ᠠᠢ᠌ᠮᠠᠭ ᠶᠢᠡᠨ ᠵᠠᠭᠢᠷᠴᠤ ᠴᠢᠳᠠᠬᠤ』 ᠭᠦᠮᠤᠨ ᠤ ᠠᠮᠢᠳᠤᠷᠠᠯ ᠤᠨ ᠠᠢ᠌ᠯ ᠡᠷᠦᠭᠡ ᠥᠡᠳᠡᠢ᠌ᠯᠭᠡᠨ ᠠᠳᠠᠯ ᠣᠢ᠌ᠯᠠᠰ ᠶᠢᠡᠨ ᠪᠣᠰᠬᠠᠵᠤ ᠶᠠᠪᠣᠬᠤ ᠶᠢᠨ ᠴᠢᠯᠳᠠᠩ ᠵᠠᠮᠨᠠᠯ ᠢ ᠴᠢᠳᠠᠭᠠᠨᠢᠭ ᠶᠠᠪᠣᠵᠤ ᠡᠷ᠎ᠡ ᠪᠣᠰᠤᠭ᠎ᠠ ᠠᠮᠢᠳᠤᠷᠠᠬᠤᠢ ᠶᠢᠨ ᠴᠢᠷᠮᠠᠢ᠌ᠯᠳᠠ ᠪᠠᠨ ᠳᠡᠭᠡᠳᠡᠯᠡᠳᠡᠭ᠌ ᠪᠠᠢ᠌ᠨ᠎ᠠ᠃ ᠴᠠᠭ ᠬᠤᠭᠤᠴᠠᠭ᠎ᠠ ᠣᠷᠤᠰᠬᠠᠯ ᠣᠰᠤ ᠰᠢᠭ ᠥᠩᠭᠡᠷᠡᠨ ᠣᠤᠠᠬᠤ ᠶᠢ ᠳᠠᠭᠠᠯᠳᠠᠨ ᠠᠮᠢᠳᠤᠷᠠᠯ ᠨᠢ ᠭᠦᠮᠤᠨ ᠢ ᠳᠠᠪᠳᠠᠨ ᠪᠣᠯᠪᠠᠰᠤᠷᠠᠭᠤᠯᠵᠤ ᠦᠪᠡᠷ ᠤᠨ ᠭᠡᠷᠡᠭ᠍ᠴᠡᠭᠡᠨ ᠳᠤ ᠪᠠᠨ ᠥᠢᠯᠡᠴᠢᠯᠡᠭᠦᠯᠤᠨ᠎ᠡ ᠭᠡᠭᠦ ᠳᠤ᠂ ᠭᠦᠮᠤᠨ ᠨᠢ ᠭᠡᠳᠡᠷᠭᠡ ᠠᠮᠢᠳᠤᠷᠠᠯ ᠤᠨ ᠶᠢᠡᠨ ᠠᠳᠠᠯᠢ ᠪᠣᠰᠤ ᠣᠷᠴᠢᠨ ᠳᠤᠭᠤᠷᠢᠨ ᠳᠤ ᠵᠤᠭᠢᠴᠠᠨ ᠠᠮᠢᠳᠤᠷᠠᠯ ᠳᠠᠭᠠᠨ ᠵᠤᠭᠢᠴᠠᠨ ᠣᠷᠤᠰᠢᠨ ᠣᠷᠤᠩᠨᠠᠵᠤ ᠶᠠᠪᠣᠬᠤ ᠳᠦᠪᠠᠭ᠍ᠳᠤ ᠵᠠᠮ ᠳᠠᠭᠠᠨ ᠢᠳᠠᠷ ᠵᠠᠯᠠᠭᠤ ᠨᠠᠰᠤᠨ ᠤ ᠭᠡᠮᠵᠢᠶᠡᠳᠤ ᠡᠷᠡᠨ ᠤᠳ ᠢ ᠵᠣᠢ᠌ᠯ ᠪᠦᠷᠢ ᠶᠢᠨ ᠣᠴᠢᠷ ᠣᠤᠠᠬ᠎ᠠ ᠲᠡᠶ ᠪᠠᠷ ᠥᠩᠭᠡᠷᠡᠭᠡᠵᠤ᠂ ᠴᠤᠬᠤᠮ ᠯᠠ『 ᠦᠷ᠎ᠡ ᠪᠠᠷ ᠶᠢᠡᠨ ᠦᠶ᠎ᠡ ᠵᠠᠯᠭᠠᠵᠤ᠂ ᠦᠷᠢᠶ᠎ᠠ ᠪᠠᠷ ᠶᠢᠡᠨ ᠮᠤᠷᠢ ᠭᠢᠭᠦ』᠂ 『ᠣᠮᠪᠣᠯᠤ ᠪᠡᠨ ᠳᠡᠪᠠᠷᠢᠭ᠍ᠰᠡᠨ ᠡᠪᠦᠭᠡ᠂ ᠢᠷᠦᠭᠡᠯ ᠳᠠᠯᠪᠢᠬᠤ ᠭᠦᠡᠳᠦᠳᠡᠨ ᠤ ᠭᠦᠮᠤᠨ ᠤ ᠨᠠᠰᠤᠵᠢᠯ ᠤᠨ ᠲ᠋ᠠᠷᠬᠠᠨ ᠱᠠᠳᠤ ᠦᠶ᠎ᠡ ᠳᠡᠭᠡᠨ ᠡᠭᠢᠯᠡᠨ ᠣᠷᠤᠵᠤ 『ᠲ᠋ᠤᠷᠰᠢᠯᠭ᠎ᠠ ᠶᠡᠭᠡ ᠲᠡᠶ ᠳᠤᠮᠤᠴᠤᠤᠯ』 ᠊ᠤᠨ ᠳᠤᠭᠠᠨ ᠳᠤ ᠠᠶᠠᠠᠳᠠᠭᠠᠨ ᠣᠷᠤᠳᠠᠭ ᠪᠢᠯᠠ᠃ ᠳᠡᠭᠡᠭᠡᠳ ᠯᠠ 『ᠲ᠋ᠠᠪᠢ ᠭᠦᠷᠦᠭ᠍ᠰᠡᠨ ᠨᠠᠰᠤ᠂ ᠳᠠᠷᠯᠠᠩ ᠡᠷ᠎ᠡ ᠶᠢᠨ ᠬᠠᠷᠴᠠᠭ᠎ᠠ』᠂ 『ᠵᠢᠷᠠ ᠰᠢᠭᠦᠷᠡᠭ᠍ᠰᠡᠨ ᠴᠠᠭ᠂ ᠵᠢᠷᠠᠯᠵᠠᠵᠤ ᠡᠭᠢᠯᠡᠭ᠍ᠰᠡᠨ ᠪᠠᠷ᠎ᠠ』᠂ 『ᠲ᠋ᠠᠯᠠ ᠳᠠᠪᠠᠭᠰᠠᠨ ᠦᠶ᠎ᠡ᠂ ᠳᠠᠯᠪᠠᠯᠵᠠᠵᠤ ᠶᠠᠪᠣᠬᠤ ᠠᠳᠠᠨ』᠂ 『ᠨᠠᠶᠠ ᠶᠢ ᠢᠷᠦᠭᠡᠭ᠍ᠰᠡᠨ ᠰᠡᠭᠦᠳᠡᠷ᠂ ᠨᠠᠷᠠ ᠨᠢ ᠰᠠᠭᠤᠬᠤ ᠰᠢᠠᠵᠢ』᠂ 『ᠶ‍ᠡᠷᠡ ᠶᠢ ᠥᠯᠦᠭᠡᠢ᠌ᠳᠡᠭ᠍ᠰᠡᠨ ᠳᠠᠪᠢᠯᠠᠩ᠂ ᠶ‍ᠢᠷᠳᠢᠠᠴᠤ ᠶᠢᠨ ᠪᠠᠶᠠᠨ ᠵᠤᠭᠤᠭ』᠂ 『ᠵᠠᠭᠤ ᠳᠡᠭᠡᠳᠦᠯᠡᠭ᠍ᠰᠡᠨ ᠭᠡᠰᠢᠭ᠌᠂ ᠵᠤᠨ ᠤ ᠵᠤᠰᠠᠯᠠᠩ ᠤᠨ ᠨᠠᠢ᠌ᠷ』᠊ᠤᠨ ᠪᠣᠶᠠᠨ ᠶᠡᠭᠡᠳᠤ ᠭᠦᠮᠤᠨ ᠤ ᠦᠨᠳᠦᠷ ᠨᠠᠰᠤᠨ ᠤ ᠭᠡᠰᠢᠭ᠌ ᠭᠦᠷᠳᠡᠭᠡᠮᠵᠢ ᠶᠢ ᠳᠠᠷᠠᠭ᠎ᠠ ᠳᠠᠷᠠᠭ᠎ᠠ ᠪᠠᠷ ᠡᠳ᠋ᠯᠡᠵᠤ᠂ ᠠᠮᠢᠳᠤᠷᠠᠯ ᠤᠨ ᠳᠠᠯᠠᠢ ᠶᠢᠨ ᠶᠡᠭᠡ ᠦᠷᠭᠡᠨ ᠳᠠᠪᠠᠯᠭᠠᠨ ᠳᠤᠯᠭᠢᠶᠠᠨ ᠤ ᠳᠠᠪᠳᠠᠮᠵᠢ ᠶᠢ ᠪᠣᠰᠤᠳ ᠶᠠᠮᠠᠷ ᠴᠤ ᠦᠶ᠎ᠡ ᠶᠢᠨ ᠭᠦᠮᠦᠰ ᠲᠡᠶ ᠠᠳᠠᠯᠢᠬᠠᠨ ᠭᠦᠯᠢᠶᠡᠵᠤ᠂ ᠶᠠᠷᠤ ᠳᠡᠭᠡᠨ ᠲᠤᠬᠢᠶᠠᠯᠳᠤᠬᠤ ᠢᠨᠢᠶᠠᠳᠤ ᠣᠬᠢᠯᠠᠯ᠂ ᠪᠠᠶᠠᠰᠤᠯ ᠵᠤᠪᠠᠨᠢᠯ᠂ ᠪᠠᠶᠠᠵᠢᠯ ᠶᠠᠳᠠᠭᠤᠷᠠᠯ᠂ ᠨᠠᠢ᠌ᠯᠠᠯ ᠬᠠᠭᠠᠴᠠᠯ᠂ ᠳᠠᠷᠴᠢᠯᠭ᠎ᠠ ᠠᠭᠤᠴᠢᠯᠠᠯ᠂ ᠭᠡᠨᠡᠳᠡᠯ ᠣᠬᠠᠭᠠᠷᠠᠯ᠂ ᠭᠡᠮᠰᠢᠯ ᠳᠠᠪᠰᠢᠯ ᠤᠨ ᠣᠯᠭᠤᠮᠵᠢ ᠭᠦᠷᠳᠡᠭᠡᠯ ᠢ ᠡᠭᠡᠯ ᠵᠢᠷ ᠤᠨ ᠣᠯᠵᠠᠷᠬᠠᠯ ᠤᠨ ᠭᠠᠠᠵᠤᠭ᠎ᠠ ᠳᠠᠭᠠᠨ ᠳᠦᠭᠦᠷᠭᠡᠵᠤ ᠶᠠᠪᠣᠳᠠᠭ ᠪᠢᠯᠠ᠃ ᠡᠴᠦᠰ ᠲᠡᠭᠡᠨ ᠦᠦ ︖ ᠶᠠᠮᠠᠷ ᠭᠦᠮᠤᠨ ᠴᠤ ᠭᠡᠳ ᠶᠠᠭᠠᠭᠢᠵᠤ ᠪᠠᠶ᠎ᠠ ᠪᠠᠨ ᠬᠠᠮᠭᠠᠯᠠᠭᠰᠠᠨ ᠴᠤ ᠬᠠᠰᠢᠯᠠ ᠠᠮᠢᠳᠤᠷᠠᠯ ᠡᠴᠠ ᠡᠭᠦᠷᠢᠳᠡ ᠰᠠᠯᠵᠤ 『ᠮᠥᠩᠭᠡ ᠶᠢᠨ ᠷᠠᠰᠢᠶᠠᠨ ᠡᠴᠡ ᠭᠡᠨ ᠴᠤ ᠣᠤᠭᠤᠭᠠᠤᠨ ᠥᠭᠡᠢ』᠂ 『ᠲ᠋ᠤᠭᠠᠯᠠᠵᠤ ᠦᠭ‍ᠭᠦᠭ᠍ᠰᠡᠨ ᠨᠠᠰᠤ᠂ ᠳᠦᠭᠡᠯᠡᠵᠤ ᠳᠠᠯᠪᠢᠭᠰᠠᠨ ᠪᠠᠶ᠎ᠠ』᠂ 『ᠲ᠋ᠠᠷᠮ᠎ᠠ ᠶᠢᠨ ᠡᠷᠭᠢ ᠳᠤ ᠳᠦᠷᠤᠪᠠᠴᠤ ᠳᠡᠰᠭᠡᠨ᠎ᠡ ᠶᠢᠨ ᠣᠩᠭᠢ ᠳᠤ ᠭᠡᠪᠳᠡᠳᠡᠭ᠌』᠂ 『ᠦᠷ᠎ᠡ ᠰᠠᠳᠤᠨ ᠳ᠋ᠤᠨᠢ ᠢᠷᠦᠭᠡᠯ ᠤᠨ ᠭᠦᠷᠦᠩᠭᠡ ᠬᠤᠴᠤᠷᠴᠤ᠂ ᠦᠪᠡᠷ ᠪᠠᠶ᠎ᠠ ᠨᠢ ᠪᠣᠷᠬᠠᠨ ᠪᠣᠯᠬᠤ』᠂ 『ᠭᠦᠮᠦᠰ ᠤᠨ ᠳᠤᠷᠠᠰᠤᠮᠵᠢ ᠳᠤ ᠡᠷᠭᠢᠭ᠍ᠰᠡᠨ ᠰᠠᠭᠢᠭᠤᠰᠤᠨ』 ᠪᠣᠯᠵᠤ ᠳᠡᠷᠳᠡᠭᠡ ᠨᠢᠭᠡ ᠮᠥᠩᠭᠡᠵᠢᠯ ᠤᠨ ᠣᠷᠤᠨ ᠳᠠᠯ᠎ᠠ ᠭᠦᠪᠪᠦᠨ ᠣᠳᠤᠳᠠᠭ ᠪᠢᠯᠠ᠃ ᠳᠡᠭᠡᠭᠡᠳ ᠭᠦᠮᠤᠨ ᠤ ᠥᠭᠦᠯ ᠭᠡᠮᠡᠭ᠍ᠴᠢ ᠶᠢᠨ ᠣᠷᠰᠢᠭ ᠶᠢᠡᠷ ᠠᠮᠢᠳᠤᠷᠠᠯ ᠡᠴᠠ ᠰᠠᠯᠵᠤ ᠶᠠᠪᠣᠬᠤ ᠣᠴᠠᠷᠠᠯ ᠳᠤ ᠨᠠᠰᠤᠨ ᠤ ᠳᠤᠭᠳᠠᠮᠠᠯ ᠳᠤᠭᠳᠠᠯᠴᠠᠭ᠎ᠠ ᠳᠤᠭ᠎ᠠ ᠭᠡᠵᠤ ᠪᠠᠢ᠌ᠳᠠᠭ ᠦᠭᠡᠶ᠃ ᠡᠭᠦᠨ ᠳᠤ ᠡᠪᠡᠳᠴᠢᠨ ᠤ ᠠᠶᠤᠯ᠂ ᠵᠠᠭᠤᠷᠠᠳᠤ ᠶᠢᠨ ᠪᠠᠷᠴᠢᠳ᠂ ᠭᠡᠨᠡᠳᠲᠡ ᠶᠢᠨ ᠲᠤᠬᠢᠶᠠᠯᠳᠤᠯ᠂ ᠬᠤᠤᠷᠯᠠᠯ ᠤᠨ ᠭᠠᠢ ᠳᠦᠢᠳᠭᠡᠷ ᠵᠡᠷᠭᠡ ᠨᠢ ᠭᠦᠮᠤᠨ ᠢ ᠴᠤᠬᠤᠮ ᠥᠭᠦᠭᠦ ᠨᠠᠰᠤᠨ ᠳ᠋ᠤᠨᠢ ᠭᠦᠷᠭᠡᠯ ᠦᠭᠡᠶ ᠬᠤᠷᠸ᠎ᠠ ᠶᠢᠨ ᠳᠤᠭᠤᠰᠤᠳᠤ ᠠᠮᠢᠳᠤᠷᠠᠯ ᠡᠴᠠ ᠬᠠᠷᠠᠮᠰᠠᠯᠳᠠᠢ ᠪᠠᠷ ᠰᠠᠯᠭᠠᠵᠤ ᠶᠠᠪᠣᠭᠤᠯᠳᠠᠭ ᠪᠢᠯᠠ᠃ ᠡᠭᠦᠨ ᠳᠤ ᠭᠦᠮᠦᠰ᠂ ᠭᠦᠮᠤᠨ ᠤ ᠥᠭᠦᠯ ᠢ ᠶᠠᠷᠤ ᠳᠡᠭᠡᠨ 『ᠭᠦᠮᠤᠨ ᠳᠠᠪᠣᠳᠠᠢ ᠳᠠᠭᠠᠨ ᠴᠤ ᠥᠭᠦᠨ᠎ᠡ᠂ ᠳᠠᠪᠢᠳᠠᠢ ᠳᠡᠭᠠᠨ ᠴᠤ ᠥᠭᠦᠨ᠎ᠡ』᠂ 『ᠮᠠᠩᠨᠠᠢ ᠶᠢᠨ ᠮᠠᠳᠠᠭᠠᠷ ᠶᠢᠡᠷ᠂ ᠮᠠᠩᠭ᠋ᠠᠳᠤᠷ ᠤᠨ ᠳᠠᠪᠢᠯᠠᠩ ᠵᠢᠠᠷ』᠂ 『ᠥᠭᠦᠯ ᠭᠡᠵᠤ ᠭᠡᠯᠡᠵᠤ ᠢᠷᠡᠳᠡᠭ᠌ ᠦᠭᠡᠶ᠂ ᠭᠡᠢ᠌ᠰᠴᠤ ᠢᠷᠡᠳᠡᠭ᠌』᠂ 『ᠥᠭᠦᠯ ᠤᠨ ᠦᠨ᠎ᠡ ᠴᠠᠨ᠎ᠡ ᠨᠢ ᠠᠳᠠᠯᠢ ᠪᠢᠰᠢ ᠪᠣᠯᠬᠤ』ᠮᠠᠳᠤ ᠶᠢᠨ ᠡᠯᠳᠡᠪ ᠶᠢᠡᠷ ᠵᠣᠢ᠌ᠴᠢᠯᠠᠵᠤ ᠦᠷᠳᠡᠭᠯᠡᠭᠦ ᠥᠭᠡ ᠵᠢᠨ ᠰᠠᠳᠤᠪ ᠪᠣᠯᠭᠠᠵᠤ᠂ ᠳᠠᠭᠢᠨ ᠳᠡᠭᠦᠨ ᠢ ᠠᠮᠢᠳᠤᠷᠠᠯ ᠤᠨ ᠵᠢᠩ ᠭᠡᠮᠵᠢᠭᠦᠷ ᠲᠤ ᠳᠠᠯᠪᠢᠨ ᠠᠮᠢᠳᠤᠷᠠᠭᠰᠠᠨ ᠶᠠᠪᠣᠴᠠ ᠶᠢ ᠨᠢ ᠲᠦᠪ ᠴᠢᠭ᠍ᠴᠢ ᠶᠢᠨ ᠳᠦᠭᠡᠷᠢᠭ᠍ᠳᠡᠯ ᠦᠭᠡᠶ ᠳᠤᠮᠢᠶ᠎ᠠ ᠳᠤ ᠣᠷᠤᠭᠤᠯᠤᠨ ᠦᠨᠡᠨ ᠳᠤᠭᠢᠷᠠᠯ ᠢ ᠨᠢ ᠣᠯᠵᠤ ᠥᠵᠡᠭᠡᠳ ᠦᠪᠡᠷ ᠤᠨ ᠬᠤᠷᠢᠶᠠᠬᠤ ᠰᠤᠷᠭᠠᠮᠵᠢ ᠪᠠᠨ ᠳᠠᠩᠰᠠ ᠳᠠᠭᠠᠨ ᠪᠠᠭᠤᠯᠭᠠᠨ ᠠᠪᠴᠤ ᠪᠠᠢ᠌ᠳᠠᠭ ᠪᠢᠯᠠ ︕

      ᠠᠮᠢᠳᠤᠷᠠᠯ ᠢ ᠮᠡᠳᠡᠭ᠍ᠴᠢ ᠴᠤᠬᠤᠮ ᠮᠡᠷᠭᠡᠨ ᠪᠢᠯᠠ ︕ ᠡᠪᠦᠭᠡᠳ ᠤᠨ ᠭᠡᠯᠡᠳᠡᠭ᠌ 『ᠠᠮᠢᠳᠤᠷᠠᠯ ᠭᠡᠳᠡᠭ᠌ ᠴᠢᠨᠢ ᠭᠠᠭᠴᠠᠭᠠᠷᠳᠠᠮᠠᠯ ᠶᠠᠭᠤᠮ᠎ᠠ ᠪᠢᠰᠢ᠂ ᠳᠠᠯᠠᠢ ᠶᠢᠨ ᠣᠰᠤ ᠰᠢᠭ ᠶᠠᠠᠳᠠᠰᠢ ᠦᠭᠡᠶ ᠭᠦᠨ ᠶᠠᠭᠤᠮ᠎ᠠ ᠮᠦᠨ᠃ ᠳᠡᠭᠦᠨ ᠳᠤᠳᠤᠷ᠎ᠠ ᠵᠣᠢ᠌ᠯ ᠪᠦᠷᠢ ᠶᠢᠨ ᠠᠮᠢᠳᠤᠷᠠᠯ ᠯᠤᠭ ᠲᠠᠭᠠᠨ ᠣᠷᠤᠰᠢᠵᠤ ᠡᠨᠡᠭᠡᠨ ᠬᠤᠷᠸ᠎ᠠ ᠶᠢ ᠠᠭᠠᠯᠵᠢᠨ ᠳᠤᠤᠷ ᠰᠢᠭ ᠪᠦᠷᠭᠦᠵᠤ ᠪᠠᠢ᠌ᠳᠠᠭ᠃ ᠪᠢᠳᠠᠨ ᠤ ᠠᠮᠢᠳᠤᠷᠠᠯ ᠪᠣᠯ ᠳᠡᠭᠦᠨ ᠤ ᠳᠤᠳᠤᠷᠠᠭᠢ ᠨᠢᠭᠡ ᠰᠢᠷᠭᠡᠭ᠌ ᠳᠠᠳᠤᠢ ᠪᠢᠯᠡ』ᠭᠡᠭ᠍ᠴᠢ ᠮᠡᠷᠭᠡᠨ ᠥᠭᠡ ᠴᠢᠨᠢ ᠶᠠᠭ ᠲᠤᠢ᠌ᠯ ᠤᠨ ᠲᠤᠢ᠌ᠯ ᠤᠨ ᠶᠡᠭᠡ ᠪᠠᠭᠳᠠᠭᠠᠮᠵᠢ ᠲᠡᠶ ᠠᠭᠤᠵᠢᠮ ᠡᠭᠡ ᠬᠠᠭᠤᠷᠠᠢ ᠪᠢᠯᠠ ︕ ᠠᠮᠢᠳᠤᠷᠠᠯ ᠤᠨ ᠡᠭᠡ ᠬᠠᠭᠤᠷᠠᠢ ᠳᠤ ᠶᠠᠭᠤ ᠡᠰᠡ ᠪᠠᠭᠳᠠᠨ᠎ᠠ ︖ ᠳᠠᠷᠠ ᠳᠠᠳᠠᠨ ᠢ ᠰᠠᠢ᠌ᠨ ᠳ᠋ᠤᠨᠢ ᠳᠠᠪᠳᠠᠨ ᠰᠤᠷᠭᠠᠵᠤ ᠣᠷᠤᠭᠤᠯᠤᠭᠠᠤᠨ ᠮᠠᠭᠤ ᠡᠴᠠ ᠨᠢ ᠵᠠᠢ᠌ᠯᠠᠭᠤᠯᠠᠵᠤ ᠮᠤᠬᠤᠷᠳᠠᠯ ᠡᠴᠠ ᠨᠢ ᠰᠠᠯᠭᠠᠵᠤ ᠶᠠᠪᠣᠳᠠᠭ ᠶᠡᠭᠡ ᠡᠭᠡ ᠪᠢᠯᠠ ︕ ᠭᠦᠮᠦᠵᠢᠯ ᠡᠴᠠ ᠨᠢ ᠳᠡᠷᠰᠯᠡᠭ᠍ᠴᠢ ᠶᠠᠷᠤ ᠶᠠᠷᠤ ᠳᠡᠭᠡᠨ ᠰᠠᠢ᠌ᠨ ᠶᠢᠡᠨ ᠥᠵᠡᠭᠦ ᠦᠭᠡᠶ ᠭᠡᠭᠦ ᠳᠤ᠂ ᠰᠢᠳᠤᠷᠭᠤ ᠠᠮᠢᠳᠤᠷᠠᠭᠴᠢ ᠨᠢ ᠭᠡᠵᠢᠶ᠎ᠡ ᠭᠡᠵᠢᠶ᠎ᠡ ᠳᠡᠭᠡᠨ ᠳᠤᠯᠠᠭᠠᠨ ᠪᠦᠪᠠᠢ ᠶᠢ ᠨᠢ ᠭᠦᠷᠳᠡᠵᠤ ᠶᠠᠪᠣᠳᠠᠭ ᠪᠢᠯᠠ ᠭᠡᠵᠢᠶ᠎ᠡ ᠭᠡᠵᠢᠶᠡᠳᠡ ᠳ᠋ᠡᠭᠡᠨ ᠰᠡᠢ᠌ᠨ ᠤ ᠳᠦᠷᠦᠭᠡ ᠰᠢᠭᠦᠷᠡᠭᠦᠯᠳᠡᠭ᠌ ᠪᠢᠯᠠ ︕ ᠳᠡᠭᠦᠨ ᠳᠡᠭᠡᠷ᠎ᠡ ᠡᠭᠡ ᠡᠴᠢᠭᠡ ᠶᠢᠨ ᠶᠢᠡᠨ ᠭᠦᠰᠡᠯ ᠤᠨ ᠨᠠᠷᠠ ᠮᠠᠠᠳᠤᠭᠤᠯᠤᠭᠰᠠᠨ ᠨᠢᠯᠬ᠎ᠠ ᠪᠠᠯᠴᠢᠷ ᠤᠳ ᠭᠦᠮᠤᠨ ᠤ ᠦᠷ ᠢ ᠱᠠᠷᠮᠠᠵᠤ ᠶᠠᠪᠣᠨ᠎ᠠ᠂ ᠠᠮᠢᠳᠤᠷᠠᠬᠤᠢ ᠶᠢᠨ ᠶᠢᠡᠨ ᠣᠳᠤᠭ᠎ᠠ ᠪᠣᠷᠭᠢᠭᠤᠯᠠᠵᠤ ᠠᠳᠠᠯ ᠪᠣᠰᠬᠠᠨ ᠶᠠᠭᠠᠷᠠᠭ᠎ᠠ ᠭᠦᠭ᠍ᠰᠢᠨ ᠵᠠᠯᠠᠭᠤ ᠦᠭᠡᠶ ᠪᠣᠵᠢᠭᠢᠨᠠᠭᠰᠠᠨ ᠭᠦᠦᠷ ᠶᠡᠭᠡ ᠣᠯᠠᠨ ᠠᠢ᠌ᠯ ᠡᠷᠦᠭᠡ ᠣᠷᠤᠰᠢᠬᠤᠢ ᠶᠢᠨ ᠶᠤᠰᠤᠨ ᠤ ᠨᠤᠮ ᠳᠠᠯᠪᠢᠨ᠎ᠠ᠂ ᠳᠠᠩ ᠳᠦᠭᠦᠷᠡᠩ ᠠᠴᠢᠶ᠎ᠠ ᠲᠡᠶ ᠳᠡᠮᠡᠭᠡ ᠥᠢᠯᠡᠰ ᠤᠨ ᠭᠦᠳᠦᠯᠦᠭ᠍ᠴᠢᠳ ᠭᠦᠯ ᠭᠦᠭ᠍ᠰᠡᠭᠡᠨ ᠲᠡᠶ ᠣᠷᠴᠢᠯᠠᠩ ᠤᠨ ᠬᠠᠭᠠᠯᠭ᠎ᠠ ᠪᠠᠷ ᠴᠤᠪᠣᠯᠳᠠᠭᠠᠤᠨ ᠦᠪᠣᠷᠠᠯ ᠪᠦᠷᠢᠵᠤ ᠬᠠᠨᠠᠷᠠᠨ᠎ᠠ᠃ ᠭᠡᠪᠠᠴᠤ ᠠᠮᠢᠳᠤᠷᠠᠯ ᠤᠨ ᠵᠦᠢ ᠡᠴᠠ ᠰᠠᠯᠤᠭᠰᠠᠨ ᠠᠵᠢᠯᠯᠠᠭ᠎ᠠ ᠪᠢᠳᠠᠨ ᠳᠤ ᠪᠠᠰᠠ ᠵᠤᠪᠠᠯᠠᠩ ᠠᠪᠴᠢᠷᠠᠵᠤ ᠪᠠᠢ᠌ᠨ᠎ᠠ ︕ ᠶᠠᠭᠤ ᠪᠣᠢ ᠭᠡᠪᠠᠯ᠂ ᠴᠢ ᠰᠠᠷ᠎ᠠ ᠶᠢᠨ ᠴᠠᠪᠠᠷ ᠣᠷᠤᠯᠭ᠎ᠠ ᠪᠠᠢ᠌ᠳᠤᠭᠠᠢ ᠪᠦᠭᠦ ᠣᠯᠬᠤ ᠵᠦᠪᠳᠠᠢ ᠣᠯᠭᠤᠮᠵᠢ ᠡᠴᠠ ᠪᠠᠨ ᠪᠠᠬᠠᠨ ᠢᠯᠡᠭᠦᠤ ᠪᠣᠶᠤ ᠭᠡᠳᠤ ᠳᠠᠭᠢᠨ ᠢᠯᠡᠭᠦᠤ ᠮᠦᠩᠭᠦ ᠵᠠᠷᠤᠴᠠᠭᠤᠯᠬᠤ ᠪᠣᠯᠤᠮᠵᠢᠳᠠᠢ ᠪᠣᠯ ᠠᠶᠠᠠᠳᠠᠭᠠᠨ ᠭᠡᠴᠡᠭᠦᠤ ᠠᠶᠤᠯᠳᠠᠢ ᠪᠣᠯᠤᠨ᠎ᠠ᠃ ᠶᠠᠭᠤ ᠭᠡᠪᠠᠯ᠂ ᠰᠠᠷ᠎ᠠ ᠪᠦᠷᠢ ᠴᠢ ᠭᠠᠳᠠᠨ᠎ᠠ ᠡᠴᠠ ᠣᠯᠬᠤ ᠵᠦᠪᠳᠠᠢ ᠬᠠᠤᠯᠢ ᠶᠤᠰᠤᠨ ᠤ ᠴᠠᠯᠢᠩ ᠣᠯᠭᠤᠮᠵᠢ ᠡᠴᠠ ᠪᠠᠨ ᠬᠠᠳᠠᠭᠠᠯᠠᠮᠵᠢ ᠥᠯᠡᠳᠡᠭᠡᠭᠦ ᠲᠦᠯᠦᠪᠯᠡᠭᠡ ᠦᠭᠡᠶ ᠪᠠᠷ ᠵᠠᠷᠤᠵᠤ ᠴᠢᠯᠡᠭᠡᠭᠦ ᠶᠤᠮ ᠪᠣᠯ ᠵᠢᠯ ᠳᠡᠭᠡᠨ ᠬᠤᠭᠤᠰᠤᠨ ᠬᠤᠴᠤᠷᠬᠤ ᠭᠡᠷᠡᠭ᠌ ᠪᠣᠯᠤᠨ᠎ᠠ᠂ ᠭᠡᠷᠪᠡ ᠮᠦᠩᠭᠦ ᠪᠠᠨ ᠪᠦᠭᠦᠨ ᠢ ᠨᠢ ᠣᠷᠢᠳᠠᠪᠴᠢᠯᠠᠨ ᠡᠳ᠋ᠯᠡᠵᠤ ᠴᠢᠯᠡᠭᠡᠭᠦ ᠶᠤᠮ ᠪᠣᠯ ᠭᠡᠳᠤᠨ ᠵᠢᠯ ᠶᠢᠡᠷ ᠬᠠᠷᠢᠭᠤᠯᠵᠤ ᠴᠢᠯᠠᠰᠢ ᠦᠭᠡᠶ ᠬᠤᠭᠤᠰᠤᠨ ᠠᠮᠢᠳᠤᠷᠠᠬᠤ ᠵᠤᠵᠠᠭᠠᠨ ᠦᠷᠢᠳᠠᠨ ᠪᠣᠯᠴᠢᠨ᠎ᠠ ᠭᠡᠵᠤ ᠮᠠᠳᠠ᠃ ᠡᠯᠳᠡᠪ ᠰᠢᠯᠳᠠᠭᠠᠨ ᠶᠢᠡᠷ ᠶᠡᠭᠡ ᠪᠠᠷ ᠦᠷᠢ ᠰᠢᠷᠢ ᠳᠤ ᠣᠨᠠᠳᠠᠭ ᠳᠤᠭᠠᠳᠤ ᠣᠳᠤ ᠨᠡᠢ᠌ᠭᠡᠮ ᠳᠡᠭᠡᠷ᠎ᠡ ᠣᠷᠤᠭᠤ ᠴᠢᠷᠠᠢ ᠲᠡᠶ ᠠᠷᠠᠢ ᠭᠢᠷᠠᠢ ᠣᠯᠠᠭᠠᠨ ᠭᠤᠤᠯ ᠲᠡᠶ ᠠᠮᠢᠳᠤᠷᠠᠵᠤ ᠶᠠᠪᠣᠭ᠎ᠠ ᠨᠢ ᠦᠷᠭᠦᠯᠵᠢ ᠥᠵᠡᠭ᠍ᠳᠡᠨ᠎ᠡ᠃ ᠡᠭᠦᠨ ᠳᠤᠳᠤᠷ᠎ᠠ ᠴᠢᠨᠢ ᠪᠠᠢ᠌ᠬᠤ ᠮᠠᠯ ᠬᠠᠷ᠎ᠠ ᠪᠠᠨ ᠴᠢᠯᠡᠭᠡᠵᠤ ᠣᠷᠭᠢᠭᠠᠤᠨ ᠵᠠᠰᠠᠭ ᠤᠨ ᠲᠡᠳᠬᠦᠮᠵᠢ ᠶᠢᠨ ᠴᠥᠭᠡᠨ ᠵᠤᠭᠤᠰ ᠤᠨ ᠨᠢᠳᠤ ᠬᠠᠷᠠᠭᠴᠢ ᠨᠡᠷ ᠣᠴᠠᠷᠠᠨ᠎ᠠ᠂ ᠳᠠᠷᠢᠮᠠᠯ ᠤᠨ ᠭᠠᠵᠠᠷ ᠶᠢᠡᠨ ᠦᠪᠡᠷ ᠶᠢᠡᠨ ᠳᠠᠷᠢᠬᠤ ᠦᠭᠡᠶ ᠪᠣᠰᠤᠳ ᠲᠤ ᠭᠡᠳᠤ ᠭᠡᠳᠤᠨ ᠵᠢᠯ ᠶᠢᠡᠷ ᠭᠦᠯᠦᠰᠦᠯᠡᠨ ᠬᠤᠳᠠᠯᠳᠤᠵᠤ ᠭᠡᠳᠡᠷᠭᠡ ᠬᠠᠷᠢᠨ ᠪᠣᠰᠤᠳ ᠡᠴᠠ ᠦᠨᠳᠦᠷ ᠦᠰᠦᠯᠳᠠ ᠲᠡᠶ ᠵᠡᠭᠡᠯᠡᠯᠭᠡ ᠠᠪᠴᠤ ᠣᠷᠭᠢᠭᠠᠤᠨ ᠯᠠ ᠭᠡᠢ᠌ᠴᠢ ᠶᠢᠨ ᠰᠠᠩᠰᠠᠨ ᠪᠣᠯᠤᠭᠠᠤᠨ ᠳᠡᠩᠰᠢᠭ᠍ᠴᠢ ᠴᠤ ᠥᠵᠡᠭ᠍ᠳᠡᠨ᠎ᠡ᠂ ᠦᠨᠳᠦᠷ ᠴᠠᠯᠢᠩ ᠲᠡᠶ ᠪᠠᠢ᠌ᠵᠤ ᠪᠠᠢ᠌ᠭᠠᠤᠨ ᠶᠡᠭᠡ ᠪᠠᠷ ᠦᠷᠢᠳᠦᠭᠡᠳ ᠭᠤᠨᠢᠷᠬᠠᠭᠴᠢ ᠪᠠᠢ᠌ᠬᠤ ᠮᠦᠷᠳᠡᠭᠡᠨ ᠨᠢᠭᠡ ᠨᠠᠰᠤᠨ ᠳᠠᠭᠠᠨ ᠴᠤᠭᠯᠠᠭᠤᠯᠤᠭᠰᠠᠨ ᠪᠠᠬᠠᠨ ᠭᠦᠷᠦᠩᠭᠡ ᠴᠤ ᠦᠭᠡᠶ ᠵᠡᠭᠡᠯᠢᠭ᠌ ᠬᠤᠷᠰᠢᠶᠠᠨ ᠳᠤ ᠴᠠᠯᠢᠩ ᠤᠨ ᠺᠠᠷᠲ᠋ ᠪᠠᠨ ᠣᠷᠳᠤ ᠬᠤᠭᠤᠴᠠᠭ᠎ᠠ ᠪᠠᠷ ᠳᠠᠷᠤᠵᠤ ᠵᠠᠰᠠᠭ ᠡᠴᠠ ᠠᠪᠬᠤ ᠭᠦᠷᠳᠡᠭᠡᠮᠵᠢ ᠪᠠᠨ ᠣᠷᠢᠳᠠᠪᠴᠢᠯᠠᠨ ᠳᠤᠰᠴᠤ ᠡᠳ᠋ᠯᠡᠭᠡᠳ ᠬᠤᠭᠤᠰᠤᠨ ᠰᠠᠭᠤᠭᠴᠢ ᠴᠤ ᠬᠠᠷᠠᠭᠳᠠᠨ᠎ᠠ᠃ ᠵᠤᠭᠤᠰ ᠥᠭᠡᠢ ᠪᠠᠢ᠌ᠳᠠᠯ᠎ᠠ ᠪᠠᠨ ᠦᠷᠢᠳᠠᠵᠤ ᠪᠠᠢ᠌ᠭᠠᠤᠨ ᠦᠨᠳᠦᠷ ᠦᠷᠳᠡᠭ᠌ ᠲᠡᠶ ᠮᠠᠰᠢᠨ ᠭᠦᠯᠦᠭᠯᠡᠭ᠍ᠴᠢ ᠡᠮᠦᠨᠡᠭᠦᠷ ᠴᠢᠨᠢ ᠱᠤᠤᠭᠢᠭᠤᠯᠤᠭᠠᠤᠨ ᠥᠩᠭᠡᠷᠡᠨ᠎ᠡ᠃ ᠵᠡᠭᠡᠯᠢᠭ᠌ ᠤᠨ ᠭᠦᠴᠤ ᠪᠠᠷ ᠠᠷᠭᠠᠯᠠᠵᠤ ᠢᠷᠡᠭᠡᠳ ᠠᠰᠠᠷ ᠠᠪᠴᠤ ᠰᠠᠢ᠌ᠬᠠᠨ ᠬᠤᠪᠴᠠᠰᠤ ᠪᠠᠷ ᠪᠠᠶ᠎ᠠ ᠪᠠᠨ ᠴᠢᠮᠡᠭ᠍ᠴᠢ ᠳᠡᠷᠭᠡᠳᠡᠭᠦᠷ ᠴᠢᠨᠢ ᠦᠨᠦᠷᠳᠤ ᠳᠤᠰᠤ ᠰᠡᠩᠭᠢᠨᠡᠭᠦᠯᠤᠨ ᠭᠡᠢ᠌ᠨᠡᠨ ᠳᠠᠭᠤᠯᠠᠭᠠᠤᠨ ᠭᠠᠷᠤᠨ᠎ᠠ᠃ ᠵᠤᠭᠤᠰ ᠤᠨ ᠮᠦᠷᠣᠢ᠌ᠳᠤ ᠨᠠᠭᠠᠳᠤᠮ ᠬᠤᠷᠢᠭᠠᠳᠠᠢ ᠭᠡᠳᠡᠭ᠌ ᠢ ᠮᠠᠳᠠᠵᠤ ᠪᠠᠢ᠌ᠭᠠᠤᠨ ᠮᠦᠷᠤᠢ ᠳᠤ ᠬᠤᠠᠵᠢᠭᠳᠠᠵᠤ ᠭᠡᠷ ᠭᠦᠷᠦᠩᠭᠡ ᠪᠠᠨ ᠠᠯᠳᠠᠭᠴᠢ ᠬᠠᠵᠠᠭᠤ ᠳᠤ ᠴᠢᠨᠢ ᠣᠰᠤᠨ ᠨᠢᠳᠤᠯᠠᠵᠤ ᠵᠤᠭᠰᠤᠪᠠᠴᠤ ᠡᠰᠡ ᠮᠡᠳᠡᠭ᠍ᠴᠢ ᠪᠣᠯᠵᠤ ᠪᠠᠰᠠ ᠯᠠ ᠨᠠᠭᠠᠳᠬᠤ ᠶᠢ ᠳᠤᠷᠠᠯᠠᠨ᠎ᠠ᠃ ᠵᠠᠷᠢᠮ ᠭᠦᠮᠤᠨ 『ᠮᠠᠨ ᠤ ᠨᠤᠳᠤᠭ ᠭᠡᠦᠭᠡᠨ ᠰᠠᠪᠳᠠᠭ ᠲᠡᠶ᠃ ᠭᠠᠳᠠᠨ᠎ᠠ ᠡᠴᠠ ᠢᠷᠡᠭ᠍ᠴᠢ ᠪᠠᠶᠠᠵᠢᠳᠠᠭ ᠶᠤᠮ᠂ ᠴᠤᠬᠤᠮ ᠪᠠᠢ᠌ᠷᠢᠨ ᠭᠦᠮᠦᠰ ᠲᠤ ᠡᠳ᠋ ᠪᠣᠶᠠᠨ ᠣᠭ ᠡᠴᠠ ᠪᠠᠨ ᠪᠠᠭ᠎ᠠ ᠪᠦᠳᠦᠳᠡᠭ᠌ ᠳᠡᠦᠭᠡ ᠲᠡᠶ ᠶᠤᠮ᠃ ᠢᠳᠡᠳᠡᠭ᠌ ᠪᠣᠳᠠᠭ᠎ᠠ ᠲᠡᠶ ᠡᠮᠦᠰᠳᠡᠭ᠌ ᠬᠤᠪᠴᠠᠰᠤ ᠲᠡᠶ ᠪᠣᠯᠬᠤᠯ᠎ᠠ ᠪᠣᠯᠴᠢᠬᠠᠨ᠎ᠠ᠃ ᠢᠯᠡᠭᠦᠤ ᠢᠳᠡᠭᠦ ᠭᠡᠳ ᠴᠢᠯᠠᠭᠤ ᠬᠠᠵᠠᠬᠤ ᠭᠡᠷᠡᠭ᠌ ᠦᠭᠡᠶ ︕ 』 ᠭᠡᠳ ᠮᠡᠷᠭᠡᠨ ᠥᠭᠡ ᠭᠡᠯᠡᠭ᠍ᠰᠡᠨ ᠪᠣᠯᠤᠭᠠᠤᠨ ᠴᠠᠭ ᠤᠨ ᠭᠦᠭ᠍ᠵᠢᠯ ᠢ ᠬᠠᠭᠤᠴᠢᠨ ᠨᠢᠳᠤ ᠪᠠᠷ ᠬᠠᠷᠠᠵᠤ ᠶᠠᠪᠣᠭᠠᠷᠠᠨ᠎ᠠ᠃ ᠪᠠᠰᠠ ᠵᠠᠷᠢᠮ ᠭᠦᠮᠤᠨ ᠠᠷᠠᠢ ᠭᠡᠵᠤ ᠠᠮᠢᠨ ᠳᠡᠭᠡᠨ ᠵᠦᠪ ᠪᠠᠬᠠᠨ ᠡᠳ᠋ ᠬᠤᠭᠰᠢᠯ ᠬᠤᠷᠢᠶᠠᠵᠤ ᠰᠡᠳᠭᠢᠯ ᠠᠮᠠᠷᠠᠭᠠᠤᠨ᠄ 『ᠪᠢ ᠡᠭᠦᠨ ᠢ ᠵᠥᠭᠡᠷ ᠯᠠ ᠣᠯᠵᠤ ᠢᠷᠡᠭ᠍ᠰᠡᠨ ᠪᠢᠰᠢ ᠡ ︕ 』 ᠭᠡᠳ ᠣᠳᠤ ᠯᠠ ᠰᠠᠭᠤᠵᠤ ᠠᠮᠠᠷᠠᠭᠠᠤᠨ ᠳᠠᠰᠢᠶᠠᠯᠳᠠᠶ᠎ᠠ ᠭᠡᠳᠡᠯ᠎ᠡ᠂ ᠳᠠᠷᠠ ᠶᠠᠭᠤᠮ᠎ᠠ ᠶᠢ ᠨᠢ ᠦᠪᠡᠷ ᠤᠨ ᠵᠥᠭᠡᠷᠢ ᠪᠣᠯᠭᠠᠵᠤ ᠬᠤᠪᠢᠷᠠᠭᠤᠯᠬᠤ ᠪᠠᠷ ᠮᠡᠷᠡᠢ᠌ᠭ᠍ᠴᠢ ᠮᠢ᠌ᠱ ᠤᠨ ᠭᠡᠳᠡᠯᠭᠡ ᠪᠠᠷ ᠳᠠᠩᠨᠠᠵᠤ ᠬᠠᠮᠢᠭ᠎ᠠ ᠪᠠᠨ ᠳᠠᠯᠪᠢᠵᠤ ᠪᠠᠢ᠌ᠬᠤ ᠶᠢ ᠨᠢ ᠬᠤᠪᠳᠤᠭᠯᠠᠨ ᠠᠵᠢᠭᠯᠠᠨ᠎ᠠ᠃ ᠳᠠᠷᠠ ᠳᠡᠭᠡᠭᠡᠳ ᠯᠠ ᠵᠤᠭᠰᠤᠨ᠎ᠠ ᠦᠦ ︖ ᠦᠵᠡ ᠊᠊᠊᠊᠊᠊᠊᠊᠊᠊᠊᠊᠊᠊᠊ ᠠᠮᠢᠳᠤᠷᠠᠯ ᠶᠢᠡᠨ ᠵᠤᠬᠢᠶᠠᠨ ᠪᠠᠢ᠌ᠭᠤᠯᠵᠤ ᠴᠢᠳᠠᠯ ᠦᠭᠡᠶ ᠰᠥᠢᠷᠡᠭᠦᠯᠵᠤ ᠬᠠᠶᠠᠭᠠᠤᠨ ᠪᠠᠰᠠ ᠡᠭᠡᠨᠡᠷ ᠡᠴᠠ ᠪᠠᠨ ᠴᠤ ᠰᠠᠯᠤᠨ᠎ᠠ᠂ ᠠᠵᠢᠯ ᠠᠬᠤᠢ ᠣᠯᠵᠤ ᠭᠢᠭᠦ ᠦᠭᠡᠶ ᠬᠠᠷᠢᠨ ᠠᠷᠢᠭᠢ ᠣᠤᠭᠤᠵᠤ ᠠᠢ᠌ᠳᠠᠮ ᠳᠠᠭᠤᠯᠠᠬᠤ ᠶᠢᠨ ᠳᠠᠶᠠᠭ᠎ᠠ ᠭᠦᠭᠡᠭᠡᠵᠤ ᠶᠠᠪᠣᠭᠠᠤᠨ ᠦᠷ᠎ᠡ ᠬᠡᠦᠬᠡᠳ ᠶᠢᠡᠨ ᠠᠰᠠᠷᠠᠵᠤ ᠭᠦᠮᠦᠵᠢᠭᠦᠯᠭᠦ ᠬᠠᠷᠢᠭᠤᠴᠠᠯᠭ᠎ᠠ ᠪᠠᠨ ᠠᠯᠳᠠᠨ᠎ᠠ᠂ ᠬᠤᠷᠸ᠎ᠠ ᠳᠤ ᠭᠠᠭᠴᠠᠬᠠᠨ ᠠᠯᠳᠠᠨ ᠪᠣᠯᠤᠭᠰᠠᠨ ᠠᠮᠢ ᠪᠠᠨ ᠴᠤ ᠠᠯᠳᠠᠨ᠎ᠠ᠃ ᠵᠠᠷᠢᠮ ᠵᠠᠯᠠᠭᠤᠴᠤᠳ ᠠᠪᠣ ᠡᠵᠢ ᠪᠠᠨ ᠮᠡᠭᠡᠯᠡᠵᠤ ᠮᠦᠩᠭᠦ ᠶᠢ ᠨᠢ ᠬᠤᠭᠤᠰᠤᠯᠠᠨ᠎ᠠ᠂ ᠮᠠᠯ ᠢ ᠨᠢ ᠳᠠᠯᠳᠠᠭᠤᠷ ᠬᠤᠳᠠᠯᠳᠤᠨ᠎ᠠ᠂ ᠬᠤᠨᠢ ᠢᠮᠠᠭᠠᠨ ᠤ ᠭᠡᠳᠡᠰᠤᠨ ᠳ᠋ᠠᠭᠢ ᠣᠰᠤᠨ ᠲᠦᠯ ᠨᠢ ᠣᠷᠢᠳᠠᠪᠴᠢᠯᠠᠨ ᠭᠢᠮᠳᠠ ᠪᠠᠷ ᠬᠤᠳᠠᠯᠳᠤᠨ᠎ᠠ᠂ ᠭᠦᠷᠦᠩᠭᠡ ᠶᠢ ᠨᠢ ᠡᠪ ᠵᠢᠠᠷ ᠲ᠋ᠤᠨᠤᠨ᠎ᠠ᠂ ᠳᠡᠭᠦᠨ ᠢ ᠬᠤᠯᠠ ᠶᠠᠪᠣᠭᠤᠯᠠᠵᠤ ᠣᠩᠰᠢᠭᠤᠯᠬᠤᠯ᠎ᠠ ᠰᠤᠷᠤᠯᠭ᠎ᠠ ᠵᠢᠨ ᠰᠥᠢᠳᠭᠡᠯ ᠵᠢᠠᠨ ᠨᠠᠢ᠌ᠷ ᠨᠠᠭᠠᠳᠤᠮ ᠳᠤ ᠳᠤᠷ᠎ᠠ ᠮᠠᠳᠠᠨ ᠭᠡᠷᠡᠭᠯᠡᠵᠤ ᠣᠷᠭᠢᠭᠠᠤᠨ ᠪᠠᠰᠠ ᠭᠡᠳᠡᠷᠭᠡ ᠵᠤᠭᠤᠰ ᠦᠭ‍ᠭᠦ ᠳᠤ ᠠᠯᠪᠠᠳᠠᠨ᠎ᠠ᠂ ᠳᠠᠠᠳᠠ ᠪᠠᠨ ᠢᠷᠡᠭᠡᠳᠦᠢ ᠶᠢᠨ ᠬᠤᠩᠭ᠋ᠤᠷ ᠶᠢᠡᠨ ᠣᠯᠵᠤ ᠣᠷᠭᠢᠭᠠᠤᠨ ᠰᠤᠷᠭᠠᠭᠤᠯᠢ ᠶᠢᠨ ᠪᠠᠢ᠌ᠷᠢ ᠳᠤ ᠭᠡᠪᠳᠡᠯ ᠦᠭᠡᠶ ᠠᠰᠠᠷ ᠭᠦᠯᠦᠰᠦᠯᠡᠵᠤ ᠴᠢᠯᠦᠭᠡᠳᠤ ᠠᠮᠢᠳᠤᠷᠠᠯ ᠥᠩᠭᠡᠷᠡᠭᠡᠨ᠎ᠡ᠃ ᠢᠩᠭᠢᠭᠡᠳ ᠠᠳᠠᠭ ᠲᠠᠭᠠᠨ 『ᠰᠤᠷᠤᠭᠰᠠᠨ ᠡᠴᠠ ᠳᠠᠭ ᠬᠤᠭᠤᠰᠤᠨ᠂ ᠮᠡᠳᠡᠭ᠍ᠰᠡᠨ ᠡᠴᠡ ᠶᠠᠭ ᠬᠤᠭᠤᠰᠤᠨ』 ᠮᠦᠷᠳᠡᠭᠡᠨ ᠰᠤᠷᠤᠯᠭ᠎ᠠ ᠳᠡᠭᠦᠰᠭᠡᠭ᠍ᠰᠡᠨ ᠦᠨᠡᠮᠯᠠᠯ ᠴᠤ ᠦᠭᠡᠶ᠂ 『ᠬᠤᠭᠤᠰᠤᠨ ᠬᠤᠶᠠᠷ ᠭᠤᠶ᠎ᠠ ᠪᠠᠨ ᠭᠠᠠᠵᠤᠭᠠᠯᠠᠭᠠᠤᠨ ᠬᠠᠷᠢᠵᠤ ᠢᠷᠡᠳᠡᠭ᠌ ᠠᠩᠴᠢᠨ』 ᠴᠤ ᠭᠠᠷᠴᠤ ᠪᠠᠢ᠌ᠨ᠎ᠠ᠃ ᠵᠠᠷᠢᠮ ᠵᠠᠯᠠᠭᠤᠴᠤᠳ ᠡᠵᠢ ᠠᠪᠣ ᠶᠢᠨ ᠶᠢᠡᠨ ᠥᠮᠦᠭ᠌ ᠲᠤ ᠳᠡᠨᠡᠭᠯᠡᠭᠡᠳ ᠶᠠᠯ᠎ᠠ ᠭᠢᠨ᠎ᠡ᠂ ᠵᠠᠷᠢᠮ ᠳᠤᠭᠠᠳᠤ ᠨᠢ ᠦᠴᠦᠭᠡᠨ ᠴᠤ ᠭᠦᠴᠤ ᠭᠦᠯᠦᠰᠤ ᠭᠠᠷᠭᠠᠯ ᠦᠭᠡᠶ ᠠᠮᠠᠷᠬᠠᠨ ᠠᠰᠢᠭ ᠣᠯᠬᠤ ᠶᠢᠨ ᠲᠦᠯᠦᠭᠡ ᠨᠢᠳᠤ ᠣᠯᠠᠢ᠌ᠨ ᠭᠦᠶ‍ᠦᠵᠤ ᠬᠤᠯᠠᠭᠠᠢ ᠳᠤᠨᠤᠭ᠎ᠠ ᠳᠤ ᠣᠷᠤᠯᠴᠠᠵᠤ ᠶᠠᠯ᠎ᠠ ᠳᠤ ᠣᠨᠠᠨ᠎ᠠ᠃ ᠡᠭᠦᠨ ᠤ ᠳ᠋ᠦ᠋ᠩ ᠳᠤ ᠪᠢᠳᠠᠨ ᠤ ᠳᠡᠷᠭᠡᠳᠡᠭᠦᠷ ᠠᠷᠢᠭᠢ ᠳᠤ ᠰᠢᠨᠤᠵᠤ ᠠᠢ᠌ᠳᠠᠮ ᠨᠢ ᠭᠡᠳᠦᠷᠡᠭ᠍ᠰᠡᠨ ᠰᠤᠯᠠ ᠭᠡᠰᠦᠭ᠍ᠴᠢ ᠴᠤ ᠠᠭᠰᠤᠮ ᠳᠠᠯᠪᠢᠨ ᠭᠡᠢ ᠣᠭᠢᠵᠤ ᠭᠦᠮᠦᠰ ᠤᠨ ᠭᠦᠭᠡᠷᠦᠭᠦᠢᠯᠡᠯ ᠵᠢᠭ᠍ᠰᠢᠯ ᠢ ᠣᠯᠤᠭᠠᠤᠨ ᠳᠤᠯᠤᠭᠠᠢ ᠡᠪᠠᠦᠡᠭᠡᠨ᠎ᠡ᠃ ᠠᠮᠠᠨ ᠳᠠᠭᠠᠨ ᠵᠠ ᠦᠭᠡᠶ ᠠᠯᠠᠭᠠᠨ ᠳᠠᠭᠠᠨ ᠫᠢᠳ ᠦᠭᠡᠶ ᠬᠤᠭᠤᠰᠤᠨ ᠭᠡᠰᠦᠭᠦᠯᠴᠢᠨ ᠭᠡᠶ‍ᠦᠷᠡᠨ᠎ᠡ᠂ ᠪᠠᠯᠠᠨ ᠢ ᠢᠳᠠᠵᠤ ᠪᠠᠭᠡᠷ ᠶᠢᠡᠷ ᠭᠡᠢ᠌ᠯᠡᠭ᠍ᠴᠢ ᠬᠤᠯᠠᠭᠠᠢ ᠶᠢᠨ ᠳᠤᠭᠠᠳᠤ ᠬᠤᠳᠠᠯ ᠤᠨ ᠡᠵᠡᠨ ᠴᠤ ᠭᠦᠮᠤᠨ ᠤ ᠳᠠᠯᠢᠩ ᠬᠠᠯᠠᠢ᠌ᠨ᠎ᠠ᠃ ᠭᠡᠯᠡᠯᠭᠡᠨ ᠦᠭᠡᠶ᠂ ᠭᠦᠮᠤᠨ ᠤ ᠢᠩᠭᠢᠵᠤ ᠣᠢ᠌ᠯᠠᠳᠴᠤ ᠪᠠᠢ᠌ᠬᠤ ᠡᠳᠡᠭᠡᠷ ᠰᠠᠨᠠᠭᠠᠴᠢᠯᠭ᠎ᠠ ᠲᠡᠶ ᠮᠦᠷᠳᠡᠭᠡᠨ ᠰᠠᠨᠠᠭᠠᠴᠢᠯᠭ᠎ᠠ ᠦᠭᠡᠶ ᠠᠵᠢᠯᠯᠠᠭ᠎ᠠ ᠨᠢ ᠠᠮᠢᠳᠤᠷᠠᠯ ᠤᠨ ᠵᠦᠢ ᠶᠤᠰᠤᠨ ᠤ ᠦᠷᠨᠢᠯᠳᠠ ᠶᠢᠨ ᠬᠠᠤᠯᠢ ᠡᠴᠠ ᠰᠢᠭᠤᠳ ᠪᠣᠶᠤ ᠳᠠᠮ ᠶᠢᠡᠷ ᠡᠷᠡᠰ ᠲ᠋ᠡᠷᠰᠯᠡᠵᠤ ᠳᠡᠭᠦᠨ ᠲᠡᠶ ᠬᠠᠯᠳᠠᠵᠤ ᠨᠠᠭᠠᠳᠤᠮ ᠭᠢᠵᠤ ᠪᠠᠢ᠌ᠬᠤ ᠪᠣᠳᠠᠳᠠᠢ ᠠᠵᠢᠯᠯᠠᠭ᠎ᠠ ᠮᠦᠨ᠃ ᠡᠨᠡ ᠨᠢ ᠣᠯᠤᠰ ᠤᠨ ᠬᠠᠤᠯᠢ ᠴᠠᠭᠠᠵᠠ ᠶᠢᠨ ᠭᠢᠵᠠᠭᠠᠷᠯᠠᠯ ᠢ ᠵᠠᠷᠢᠮ ᠪᠠᠢ᠌ᠳᠠᠯ ᠤᠨ ᠳᠤᠤᠷ᠎ᠠ ᠡᠰᠡ ᠭᠦᠯᠢᠶᠡᠪᠠᠴᠤ ᠠᠮᠢᠳᠤᠷᠠᠯ ᠭᠡᠭ᠍ᠴᠢ ᠶᠡᠭᠡ ᠶᠤᠰᠤᠨ ᠤ ᠰᠢᠳᠭᠡᠯ ᠢ 『ᠭᠡᠯᠡᠵᠤ ᠡᠰᠡ ᠢᠷᠠᠪᠠᠴᠤ ᠭᠡᠢ᠌ᠰᠴᠤ ᠢᠷᠡᠭᠦ ᠳᠤᠭᠰᠢᠨ ᠠᠶᠤᠯ』 ᠊ᠤᠨ ᠬᠤᠪᠢ ᠪᠠᠷ ᠡᠷᠭᠡᠪᠰᠢ ᠥᠵᠡᠳᠡᠭ᠌ ᠬᠠᠤᠯᠢ ᠲᠡᠶ ᠶᠤᠮ᠃ 『ᠨᠠᠭᠠᠳᠤᠪᠠᠴᠤ ᠮᠠᠯᠠᠭᠠᠢ ᠠᠪᠴᠤ ᠨᠠᠭᠠᠳᠬᠤ』 ᠣᠬᠠᠮᠰᠠᠷ ᠦᠭᠡᠶ ᠠᠵᠢᠯᠯᠠᠭ᠎ᠠ ᠲᠡᠶ ᠪᠣᠯ ᠥᠨᠡᠭᠡᠷ 『ᠨᠤᠶᠠᠨ ᠲᠡᠶ ᠬᠠᠯᠳᠠᠭᠴᠢ ᠳᠤ ᠬᠤᠰᠭᠢᠨᠠᠭ ᠦᠭᠡᠶ᠂ ᠨᠤᠬᠠᠢ ᠲᠡᠶ ᠨᠠᠭᠠᠳᠤᠭᠴᠢ ᠳᠤ ᠳᠠᠭᠢᠮ ᠥᠭᠡᠢ』 ᠭᠡᠴᠡᠭᠦᠤ ᠬᠠᠰᠢᠯᠳᠠ ᠳᠤ ᠣᠴᠠᠷᠠᠨ᠎ᠠ ︕ ᠮᠠᠳᠠᠵᠤ ᠠᠪᠣᠶ᠎ᠠ ︕ ᠴᠢ ᠳᠡᠭᠦᠨ ᠢ ᠭᠠᠯ ᠶᠢᠡᠷ ᠨᠠᠭᠠᠳᠤᠭᠤᠯᠤᠶ᠎ᠠ ᠭᠡᠪᠠᠯ ᠳᠠᠷᠠ ᠴᠢᠮᠢ᠋ᠢ ᠴᠤᠭ ᠳᠡᠭᠡᠷ᠎ᠡ ᠰᠢᠷᠠᠴᠢᠨ᠎ᠠ᠃ ᠴᠢ ᠳᠡᠭᠦᠨ ᠳᠤ ᠣᠰᠤ ᠰᠠᠴᠤᠵᠤ ᠰᠤᠴᠢᠭᠠᠶ᠎ᠠ ᠭᠡᠪᠠᠯ ᠳᠠᠷᠠ ᠴᠢᠮᠢ᠋ᠢ ᠳᠠᠯᠠᠢ ᠳᠤ ᠬᠠᠶᠠᠵᠤ ᠵᠢᠪᠪᠦᠭᠡᠨ᠎ᠡ᠃

      ᠭᠦᠮᠤᠨ᠂ ᠠᠮᠢᠳᠤᠷᠠᠯ ᠤᠨ ᠶᠢᠡᠨ ᠦᠨ᠎ᠡ ᠴᠠᠨ᠎ᠡ ᠲᠡᠶ ᠵᠠᠮᠨᠠᠯ ᠤᠨ ᠡᠭᠢᠯᠡᠯᠳᠡ ᠪᠠᠨ ᠭᠡᠷᠭᠢᠨ ᠡᠭᠢᠯᠡᠳᠡᠭ᠌ ᠪᠣᠢ ︖ ᠦᠨᠡᠨ ᠡ᠂ ᠵᠠᠮ ᠵᠢᠭᠠᠭᠰᠠᠨ ᠭᠦᠮᠤᠨ ᠡᠷᠡᠤ ᠪᠠᠷ ᠶᠢᠡᠨ ᠵᠢᠭᠠᠳᠠᠭ ᠦᠭᠡᠶ ᠭᠡᠳᠡᠭ᠌ ᠪᠢᠯᠠ ︕ ᠶᠠᠭ ᠳᠠᠭᠠᠷᠠᠨ᠎ᠠ ︕ ᠠᠮᠢᠳᠤᠷᠠᠯ ᠭᠡᠳᠡᠭ᠌ ᠡᠨᠡ ᠢᠪᠠᠭᠡᠯᠳᠤ ᠶᠡᠭᠡ ᠶ‍ᠢᠷᠳᠢᠠᠴᠤ ᠳᠤ ᠭᠦᠮᠤᠨ ᠤ ᠰᠠᠢ᠌ᠨ ᠠᠮᠢᠳᠤᠷᠠᠬᠤᠢ ᠶᠢᠨ ᠵᠠᠮ ᠢ ᠵᠤᠭᠰᠤᠯᠳᠠ ᠦᠭᠡᠶ ᠵᠠᠮᠨᠠᠵᠤ ᠶᠠᠪᠣᠬᠤ ᠳᠠᠭᠠᠨ ᠶᠠᠭᠤ ᠪᠦᠭᠦᠨ ᠤ『ᠲᠦᠮᠡᠨ ᠠᠯᠬᠤᠮ ᠤᠨ ᠳᠦᠷᠦᠭᠦᠤ ᠠᠯᠬᠤᠮ ᠨᠢ ᠭᠡᠴᠡᠭᠦᠤ ᠪᠣᠯᠪᠠᠴᠤ ᠵᠠᠪᠠᠯ ᠶᠠᠪᠣᠵᠤ ᠡᠭᠢᠯᠡᠭᠦ ᠭᠡᠷᠡᠭ᠍ᠳᠡᠢ』᠂ 『ᠠᠮᠢᠳᠤᠷᠠᠯ ᠣᠷᠤᠩᠨᠠᠭᠰᠠᠨ ᠣᠷᠴᠢᠯᠠᠩ ᠳᠤ ᠳᠤᠭᠤᠰᠤ ᠳᠡᠭ᠍ᠳᠡᠭᠦ ᠶᠤᠰᠤᠨ ᠪᠣᠢ』᠂ 『ᠭᠦᠮᠤᠨ ᠪᠠᠢ᠌ᠭᠰᠠᠨ ᠭᠠᠵᠠᠷ ᠲᠤ ᠯᠠᠪ ᠵᠠᠮ ᠪᠣᠢ』 ᠪᠣᠯᠬᠤ ᠬᠤᠷᠸ᠎ᠠ ᠶᠢᠨ ᠵᠢᠮ᠎ᠠ ᠳᠤ ᠵᠤᠭᠢᠴᠠᠨ ᠵᠠᠮ ᠬᠠᠭᠠᠯᠭ᠎ᠠ ᠪᠠᠨ ᠵᠠᠰᠠᠬᠤ ᠪᠣᠯᠤᠮᠵᠢ ᠶᠢ ᠪᠦᠷᠢᠯᠳᠦᠭᠦᠯᠪᠠᠯ ᠳᠠᠭᠠᠷᠠᠨ᠎ᠠ᠃ ᠡᠩ ᠵᠠᠬ᠎ᠠ ᠦᠭᠡᠶ ᠠᠮᠢᠳᠤᠷᠠᠯ ᠳᠤᠳᠤᠷ᠎ᠠ ᠴᠢ ᠨᠢᠭᠡ ᠨᠠᠰᠤᠨ ᠳᠠᠭᠠᠨ ᠶᠠᠭᠤ ᠨᠢᠭᠡ ᠰᠠᠢ᠌ᠨ ᠶᠠᠭᠤᠮ᠎ᠠ ᠪᠦᠳᠦᠭᠡᠵᠤ ᠦᠭ‍ᠭᠦ ᠦᠷᠢ ᠲᠡᠶ ᠭᠡᠳᠡᠭ᠌ ᠶᠢᠡᠨ ᠮᠡᠳᠡᠭᠦᠯ᠎ᠡ ᠪᠣᠯᠤᠨ᠎ᠠ᠃ ᠳᠡᠭᠦᠨ ᠳᠤᠳᠤᠷ᠎ᠠ ᠴᠢ 『ᠠᠪᠣ ᠶᠢᠨ ᠶᠢᠡᠨ ᠪᠠᠭᠤᠷᠢ ᠳᠤ ᠪᠠᠭᠤᠵᠤ᠂ ᠡᠵᠢ ᠶᠢᠨ ᠶᠢᠡᠨ ᠰᠠᠭᠤᠷᠢ ᠳᠤ ᠰᠠᠭᠤᠵᠤ᠂ ᠦᠷ᠎ᠡ ᠰᠠᠳᠤᠨ ᠨᠢ ᠣᠯᠠᠰᠢᠷᠠᠵᠤ᠂ ᠡᠳ᠋ ᠭᠦᠷᠦᠩᠭᠡ ᠨᠢ ᠵᠤᠵᠠᠭᠠᠷᠠᠵᠤ᠂ ᠨᠠᠮᠰᠠᠷᠠᠢ ᠮᠠᠳᠤ ᠪᠠᠶᠠᠨ ᠪᠣᠯᠵᠤ᠂ ᠨᠢᠳᠤᠠᠵᠢᠷᠤᠢ ᠭᠡᠪᠳᠡᠢ ᠦᠨᠢᠷ ᠪᠣᠯᠵᠤ᠂ ᠨᠤᠳᠤᠭ ᠲᠤ ᠳᠤᠰᠠᠳᠠᠢ ᠪᠣᠯᠵᠤ᠂ ᠣᠯᠤᠰ ᠲᠠᠭᠠᠨ ᠭᠠᠪᠢᠶ᠎ᠠ ᠲᠡᠶ ᠪᠣᠯᠵᠤ』 ᠶᠠᠪᠣᠬᠤ ᠶᠢᠨ ᠰᠠᠢ᠌ᠨ ᠢ ᠡᠳ᠋ᠯᠡᠭᠦ ᠳᠡᠭᠡᠨ᠂ ᠳᠠᠷᠠ ᠬᠠᠮᠤᠭ ᠶᠠᠪᠣᠴᠠ ᠶᠢᠨ ᠡᠭᠢᠯᠡᠴᠡ ᠠᠯᠬᠤᠮ ᠶᠢᠡᠨ ᠶᠠᠭᠠᠭᠢᠵᠤ ᠳᠠᠨᠢᠵᠤ ᠭᠡᠷᠭᠡᠨ ᠡᠭᠢᠯᠡᠵᠤ ᠶᠠᠪᠣᠬᠤ ᠪᠠᠨ ᠪᠦᠷᠢᠨ ᠮᠡᠳᠡᠭᠦ ᠶᠢ ᠳᠠᠭᠢᠨ ᠳᠠᠭᠢᠨ ᠡᠷᠭᠢᠭᠦᠯᠵᠤ ᠪᠣᠳᠤᠪᠠᠯ ᠳᠠᠭᠠᠷᠠᠨ᠎ᠠ᠃ ᠠᠮᠢᠳᠤᠷᠠᠯ ᠢ ᠳᠠᠨᠢᠭᠴᠢ ᠳᠡᠭᠡᠭᠡᠳ ᠳᠡᠭᠦᠨ ᠤ ᠬᠠᠳᠠᠭᠤ ᠰᠢᠯᠭᠠᠯᠳᠠ ᠶᠢ ᠥᠩᠭᠡᠷᠡᠭᠡᠵᠤ ᠴᠢᠳᠠᠨ᠎ᠠ᠃ ᠠᠮᠢᠳᠤᠷᠠᠭᠴᠢ ᠡᠴᠠ ᠠᠮᠢᠳᠤᠷᠠᠯ ᠳᠤᠳᠤᠷ᠎ᠠ ᠢᠨᠢᠶᠡᠭ᠍ᠰᠡᠨ ᠴᠢᠷᠠᠢ ᠲᠡᠶ ᠢᠳᠡᠭᠡᠯ ᠣᠮᠤᠭ ᠲᠡᠶ ᠠᠮᠢᠳᠤᠷᠠᠬᠤᠢ ᠶᠢ ᠦᠪᠯᠠᠨ ᠶᠠᠪᠣᠵᠤ ᠴᠢᠳᠠᠨ᠎ᠠ ︕ ᠭᠡᠪᠠᠴᠤ᠂ ᠠᠮᠢᠳᠤᠷᠠᠯ ᠳᠠᠭᠠᠨ ᠶᠠᠭᠤ ᠰᠠᠢ᠌ᠬᠠᠨ ᠶᠢᠡᠨ ᠬᠠᠷᠠᠮ ᠦᠭᠡᠶ ᠡᠷᠭᠦᠨ ᠶᠠᠪᠣᠭᠴᠢ ᠶᠢ ᠭᠡᠨ ᠨᠢᠭᠡ ᠨᠢ ᠄ 『ᠴᠢ ᠬᠤᠪᠢᠠᠴᠢᠷ ᠭᠦᠮᠤᠨ ︕ ᠨᠡᠢ᠌ᠭᠡᠮ ᠳᠤ ᠳᠤᠰᠠ ᠦᠭᠡᠶ ᠭᠦᠮᠤᠨ ︕ 』 ᠭᠡᠵᠤ ᠬᠤᠷᠤᠭᠤᠳᠠᠨ᠎ᠠ ᠭᠡᠨ᠎ᠡ ︕ ᠪᠣᠳᠤᠪᠠᠯ ᠳᠡᠭᠦᠨ ᠤ ᠪᠣᠷᠤᠭᠤ ︕ ᠶᠠᠭᠤ ᠭᠡᠪᠠᠯ᠂ ᠮᠠᠨ ᠤ ᠡᠪᠦᠭᠡ ᠳᠡᠭᠡᠳᠦᠰ ᠦᠷ᠎ᠡ ᠬᠡᠦᠬᠡᠳ ᠶᠢᠡᠨ ᠭᠡᠵᠢᠶᠡᠳᠡ᠄ 『ᠡᠷᠳᠡ ᠪᠣᠰ ︕ ᠣᠷᠤᠢ ᠣᠠᠳᠠ ︕ 』 ᠊᠊᠊᠊᠊᠊᠊᠊᠊᠊᠊᠊᠊᠊᠊ 『ᠪᠦᠰᠡ ᠪᠠᠨ ᠴᠢᠩᠭ᠎ᠠ ᠪᠦᠰᠡᠯᠡ ︕ ᠳᠠᠳᠠᠭᠤᠷ ᠶᠢᠡᠨ ᠴᠢᠩᠭ᠎ᠠ ᠳᠠᠳᠠ ︕ ᠳᠦᠷᠦᠭᠡ ᠪᠠᠨ ᠴᠢᠩᠭ᠎ᠠ ᠳᠦᠷᠦᠭᠡᠯᠡ ︕ ᠳᠤᠯᠤᠭᠠᠢ ᠪᠠᠨ ᠥᠡᠳᠡᠢ᠌ᠯᠭᠡᠵᠤ ᠶᠠᠪᠣ ︕ 』 ᠊᠊᠊᠊᠊᠊᠊᠊᠊᠊᠊᠊᠊᠊᠊ 『ᠡᠳᠦᠷ ᠲᠤ ᠭᠤᠷᠪᠠᠨ ᠨᠡᠭᠦᠳᠡᠯ ᠤᠨ ᠭᠠᠵᠠᠷ ᠤᠨ ᠳᠤᠳᠤᠷᠠᠭᠢ ᠪᠠᠢ᠌ᠳᠠᠯ ᠢ ᠰᠠᠢ᠌ᠨ ᠮᠠᠳᠠ᠂ ᠰᠦᠨᠢ ᠳᠤ ᠰᠠᠷᠠᠰ ᠭᠡᠰᠡᠨ ᠢ ᠡ᠊ᠨᠳᠡᠳᠡᠭ᠌ ᠦᠭᠡᠶ ᠰᠢᠪᠠᠭᠤᠨ ᠨᠣᠢ᠌ᠷ ᠲᠡᠶ ᠪᠣᠯ ︕ 』 ᠊᠊᠊᠊᠊᠊᠊᠊᠊᠊᠊᠊᠊᠊᠊ 『ᠰᠠᠢ᠌ᠨ ᠡᠷ᠎ᠡ ᠭᠠᠠᠵᠤᠭ᠎ᠠ ᠳᠦᠭᠦᠷᠡᠩ ᠶᠠᠪᠣᠳᠠᠭ ᠶᠤᠮ ︕ ᠰᠠᠢ᠌ᠨ ᠪᠦᠰᠡᠭᠦᠢ ᠭᠦᠵᠡᠭᠡᠨ ᠳᠦᠭᠦᠷᠡᠩ ᠳᠤᠰᠤᠳᠠᠢ ᠪᠠᠢ᠌ᠳᠠᠭ ᠶᠤᠮ ︕ 』 ᠊᠊᠊᠊᠊᠊᠊᠊᠊᠊᠊᠊᠊᠊᠊ 『ᠠᠢ᠌ᠯ ᠶᠢᠡᠨ ᠳᠡᠵᠢᠭᠡᠵᠤ ᠴᠢᠳᠠᠭᠰᠠᠨ ᠭᠦᠮᠤᠨ ᠠᠢ᠌ᠮᠠᠭ ᠨᠤᠳᠤᠭ ᠳᠠᠭᠠᠨ ᠡᠵᠡᠨ ᠪᠣᠯᠵᠤ ᠴᠢᠳᠠᠨ᠎ᠠ ︕ 』 ᠊᠊᠊᠊᠊᠊᠊᠊᠊᠊᠊᠊᠊᠊᠊ 『ᠠᠢ᠌ᠯ ᠳᠤ ᠪᠠᠢ᠌ᠭᠰᠠᠨ ᠪᠣᠶᠠᠨ ᠠᠢ᠌ᠮᠠᠭ ᠨᠤᠳᠤᠭ ᠶᠢᠡᠨ ᠳᠡᠳᠭᠦᠬᠦ ᠶᠢᠨ ᠡᠭᠡ』 ᠭᠡᠭᠦ ᠮᠠᠳᠤ ᠪᠠᠷ ᠰᠦᠷᠭᠡᠨ ᠭᠡᠯᠡᠳᠡᠭ᠌ ᠭᠦᠮᠦᠵᠢᠯ ᠤᠨ ᠰᠤᠳᠤᠷ ᠪᠠᠢ᠌ᠳᠠᠭ ᠡᠰᠡ ᠪᠢᠯᠠ ᠦᠦ ︖ ᠳᠡᠷᠡ ᠭᠦᠮᠤᠨ ᠡᠢ᠌ᠮᠤ ᠰᠤᠳᠤᠷ ᠢ ᠰᠠᠢ᠌ᠨ ᠣᠩᠰᠢᠪᠠᠯ ᠳᠠᠭᠠᠷᠠᠨ᠎ᠠ ︕ ᠶᠠᠭᠠᠭᠢᠭᠠᠤᠨ ᠭᠡᠪᠠᠯ ᠳᠠᠷᠠ ᠨᠢ ᠣᠯᠠᠨ ᠭᠦᠮᠤᠨ ᠤ ᠠᠮᠢᠳᠤᠷᠠᠯ ᠤᠨ ᠬᠤᠷᠠᠮᠠᠯ ᠡᠴᠠ ᠪᠦᠳᠦᠵᠤ ᠪᠦᠷᠢᠯᠳᠦᠭ᠍ᠰᠡᠨ ᠭᠦᠭ᠍ᠵᠢᠯᠳᠡ ᠪᠠᠷ ᠦᠨᠳᠦᠰᠦ ᠪᠣᠯᠭᠠᠭᠰᠠᠨ ᠳᠤᠮᠤ ᠪᠠᠶᠠᠳᠤ ᠶᠢᠨ ᠰᠤᠳᠤᠷ ᠮᠦᠨ᠃ ᠳᠡᠭᠦᠨ ᠳᠤᠳᠤᠷ᠎ᠠ 『ᠭᠦᠮᠤᠨ ᠤ ᠭᠡᠰᠢᠭ᠌ ᠢ ᠭᠦᠮᠤᠨ ᠠᠪᠴᠤ ᠴᠢᠳᠠᠳᠠᠭ ᠥᠭᠡᠢ』 ᠭᠡᠵᠤ ᠭᠡᠯᠡᠭ᠍ᠰᠡᠡᠴᠢᠯᠡᠨ᠂ ᠭᠦᠮᠤᠨ ᠡᠡᠮᠢᠳᠦᠷᠡᠯ ᠶᠢᠡᠨ ᠦᠪᠡᠷ ᠵᠢᠠᠨ ᠪᠠᠢ᠌ᠭᠤᠯᠵᠤ ᠪᠣᠯᠤᠨ᠎ᠠ᠃ ᠭᠦᠮᠤᠨ ᠤ ᠪᠠᠢ᠌ᠭᠤᠯᠤᠭᠰᠠᠨ ᠠᠮᠢᠳᠤᠷᠠᠯ ᠢ ᠡᠵᠡᠷᠭᠡᠨ ᠪᠣᠯᠢᠶᠠᠯᠳᠤᠵᠤ ᠪᠣᠯᠬᠤ ᠦᠭᠡᠶ᠃ ᠡᠵᠡᠷᠭᠡᠨ ᠪᠣᠯᠢᠶᠠᠯᠳᠤᠯ᠎ᠠ ᠭᠡᠳ ᠳᠠᠷᠠ ᠴᠢᠮ᠎ᠠ ᠳᠤ ᠡᠵᠡᠷᠭᠡᠭ᠍ᠳᠡᠨ ᠪᠣᠯᠢᠶᠠᠭᠳᠠᠬᠤ ᠦᠭᠡᠶ ᠶᠤᠮ᠃ ᠦᠨᠡᠨ︕ ᠠᠮᠢᠳᠤᠷᠠᠯ ᠶᠢᠡᠨ ᠦᠪᠡᠷ ᠶᠢᠡᠨ ᠪᠠᠢ᠌ᠭᠤᠯᠵᠤ ᠴᠢᠳᠠᠭᠰᠠᠨ ᠰᠢᠳᠤᠷᠭᠤ ᠳᠡᠮᠡᠴᠡᠭ᠍ᠴᠢ ᠳᠤ ᠳᠠᠭᠠᠵᠤ ᠴᠢᠳᠠᠰᠢ ᠦᠭᠡᠶ ᠪᠣᠶᠠᠨ ᠬᠠᠢ᠌ᠷᠠᠯᠠᠨ᠎ᠠ᠂ ᠦᠷ᠎ᠡ ᠬᠣᠢ᠌ᠴᠢᠰ ᠲᠠᠭᠠᠨ ᠥᠯᠡᠳᠡᠭᠡᠭᠦ ᠴᠠᠭᠯᠠᠰᠢ ᠦᠭᠡᠶ ᠦᠪ ᠰᠤᠶᠤᠷᠬᠠᠨ᠎ᠠ ︕

      ᠴᠢ ᠢᠳᠡᠭᠡᠭᠡᠷᠡᠢ ︕ ᠠᠮᠢᠳᠤᠷᠠᠯ ᠳᠤ ᠬᠠᠢ᠌ᠷ᠎ᠠ ᠰᠡᠳᠬᠢᠯᠭᠡ ᠪᠠᠢ᠌ᠳᠠᠭ ᠶᠤᠮ ︕ ᠳᠠᠷᠠ ᠥᠨᠡᠭᠡᠷ ᠪᠠᠶᠠᠷᠯᠠᠵᠤ ᠴᠢᠳᠠᠨ᠎ᠠ᠂ ᠭᠤᠮᠤᠳᠠᠵᠤ ᠴᠢᠳᠠᠨ᠎ᠠ᠂ ᠳᠤᠭᠰᠢᠷᠠᠵᠤ ᠴᠢᠳᠠᠨ᠎ᠠ᠂ ᠨᠤᠮᠤᠬᠠᠷᠠᠵᠤ ᠴᠢᠳᠠᠨ᠎ᠠ᠂ ᠡᠭᠦᠰᠴᠤ ᠴᠢᠳᠠᠨ᠎ᠠ᠂ ᠣᠷᠤᠰᠢᠵᠤ ᠴᠢᠳᠠᠨ᠎ᠠ᠂ ᠮᠥᠭᠦᠵᠤ ᠴᠢᠳᠠᠨ᠎ᠠ᠂ ᠮᠥᠩᠭᠡᠷᠡᠵᠤ ᠴᠢᠳᠠᠨ᠎ᠠ ︕ ᠭᠡᠯ᠎ᠡ ᠴᠤ ᠠᠮᠢᠳᠤᠷᠠᠯ ᠨᠢ ᠠᠮᠢᠳᠤᠷᠠᠯ ᠳᠤ ᠲᠦᠰᠢᠨ ᠣᠷᠤᠰᠢᠨ ᠣᠷᠤᠩᠨᠠᠭᠴᠢ ᠶᠢᠨ ᠳᠤᠰ ᠪᠠᠶ᠎ᠠ ᠲᠡᠶ ᠭᠡᠵᠢᠶᠡᠳᠡ ᠬᠠᠮᠳᠤ ᠪᠠᠢ᠌ᠵᠤ ᠦᠪᠡᠷ ᠤᠨ ᠬᠤᠪᠢ ᠵᠠᠶᠠᠭ᠎ᠠ ᠪᠠᠨ ᠳᠤᠭᠳᠠᠭᠠᠵᠤ ᠪᠠᠢ᠌ᠳᠠᠭ᠃ ᠡᠭᠦᠨ ᠢ ᠭᠦᠮᠤᠨ ᠬᠠᠵᠠᠭᠠᠢ ᠪᠠᠷ ᠪᠣᠷᠤᠭᠤᠳᠬᠠᠨ ᠵᠢᠭᠠᠨ ᠵᠠᠭᠢᠷᠴᠤ ᠵᠢᠮ᠎ᠠ ᠶᠤᠰᠤ ᠡᠴᠠ ᠨᠢ ᠳᠡᠷᠰᠯᠡᠭᠦᠯᠡᠵᠤ ᠴᠢᠳᠠᠳᠠᠭ ᠦᠭᠡᠶ ᠶᠤᠮ᠃ ᠬᠠᠷᠢᠨ ᠳᠤᠭᠤᠰᠤᠳᠤ ᠬᠤᠷᠸ᠎ᠠ ᠶᠢᠨ ᠠᠭᠤᠳᠠᠮ ᠦᠷᠦ ᠳᠡᠭᠡᠷ᠎ᠡ ᠭᠦᠭ᠍ᠵᠢᠨ ᠪᠣᠵᠠᠭᠠᠢ᠌ᠷᠠᠭᠠᠤᠨ᠂ ᠵᠢᠩᠭᠢᠨᠢ ᠬᠠᠢ᠌ᠷᠠᠯᠠᠭᠴᠢ ᠳᠤ ᠪᠠᠨ ᠯᠠᠪ ᠰᠠᠢ᠌ᠨ ᠰᠠᠢ᠌ᠬᠠᠨ ᠠᠯᠤᠰ ᠢᠷᠡᠭᠡᠳᠦᠢ ᠶᠢ ᠱᠠᠩᠨᠠᠵᠤ ᠶᠠᠪᠣᠬᠤ ᠶᠤᠮ ︕

      ᠠᠮᠢᠳᠤᠷᠠᠯ ᠤᠨ ᠳᠡᠯᠡᠭᠡᠢ ᠳᠤ ᠭᠦᠮᠤᠨ ᠤ ᠰᠠᠢ᠌ᠬᠠᠨ ᠵᠢᠷᠭᠠᠯ ᠡᠳ᠋ᠯᠡᠭᠦ ᠶᠢᠨ ᠢᠷᠦᠭᠡᠯ ᠳᠠᠯᠪᠢᠰᠤᠭᠠᠢ ︕


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠤᠨ ᠬᠤᠪᠣᠭᠰᠠᠢ᠌ᠷᠢ

ᠵᠤᠬᠢᠶᠠᠭᠴᠢ᠄ ᠳ᠋·ᠨᠠᠮᠵᠠᠪ
ᠬᠠᠷᠢᠶ᠎ᠠ᠄ ᠨᠠᠢᠷᠠᠭᠤᠯᠤᠯ
ᠳᠠᠷᠤᠮ᠄ 3507
ᠴᠠᠭ᠄ 2011 ᠤᠨ ᠤ 06 ᠰᠠᠷ᠎ᠠ ᠶᠢᠨ 27