ᠬᠠᠪᠣᠳᠤ ᠬᠠᠰᠠᠷ ᠤᠨ ᠡᠷᠡᠯᠭᠡᠭ᠌ ᠬᠣᠢ᠌ᠴᠢᠰ ᠊᠊᠊᠊᠊᠊᠊᠊᠊᠊᠊᠊᠊᠊᠊ ᠴᠠᠰᠤᠳᠤ ᠮᠤᠩᠭ᠋ᠤᠯᠴᠤᠳ

ᠬᠠᠳᠠ ᠴᠢᠯᠠᠭᠤᠨ ᠡᠴᠡ ᠬᠠᠭᠠᠷᠠᠵᠤ ᠭᠠᠷᠤᠭᠰᠠᠨ

ᠬᠠᠮᠤᠭ ᠮᠤᠩᠭ᠋ᠤᠯ ᠤᠨ ᠨᠢᠭᠡ ᠮᠥᠭᠦᠯᠢᠭ᠌᠂

ᠬᠠᠳᠠᠭᠤ ᠳᠡᠦᠭᠡ ᠳᠤ ᠰᠣᠢ᠌ᠷᠠᠭ᠎ᠠ ᠥᠭᠡᠢ

ᠬᠠᠪᠣᠳᠤ ᠬᠠᠰᠠᠷ ᠤᠨ ᠡᠷᠡᠯᠭᠡᠭ᠌ ᠬᠣᠢ᠌ᠴᠢᠰ ᠊᠊᠊᠊᠊᠊᠊᠊᠊᠊᠊᠊᠊᠊᠊ ᠬᠤᠱᠤᠳ ᠮᠤᠩᠭ᠋ᠤᠯ᠃

ᠮᠥᠩᠭᠡ ᠬᠠᠢ᠌ᠷᠬᠠᠨ ᠡᠴᠠ ᠣᠠᠳᠤᠷᠤᠨ ᠭᠠᠷᠤᠭᠰᠠᠨ

ᠮᠤᠩᠭ᠋ᠤᠯ ᠤᠢ᠌ᠷᠠᠤᠨ ᠤᠨ ᠰᠠᠯᠪᠣᠷᠢ

ᠮᠥᠩᠭᠡ ᠳᠡᠦᠭᠡ ᠶᠢᠨ ᠬᠠᠳᠠᠭᠤ ᠳᠠᠯᠢᠰᠳᠤ

ᠮᠤᠩᠭ᠋ᠤᠯ ᠣᠭᠰᠠᠭ᠎ᠠ ᠊᠊᠊᠊᠊᠊᠊᠊᠊᠊᠊᠊᠊᠊᠊ ᠴᠠᠰᠤᠳᠤ ᠮᠤᠩᠭ᠋ᠤᠯᠴᠤᠳ᠃

ᠳ᠋ᠠᠩ ᠤᠨ ᠭᠤᠤᠯ ᠤᠨ ᠣᠰᠤᠨ ᠡᠴᠡ ᠵᠠᠳᠠᠷᠠᠨ ᠭᠠᠷᠤᠭᠰᠠᠨ

ᠳᠡᠭᠡᠳᠤ ᠮᠤᠩᠭ᠋ᠤᠯ ᠤᠨ ᠣᠷᠤᠰᠬᠠᠯ

ᠳᠠᠷᠬᠠᠨ ᠳᠡᠦᠭᠡ ᠶᠢᠨ ᠵᠠᠶᠠᠭ᠎ᠠ ᠮᠦᠷᠳᠡᠭ᠍ᠰᠡᠨ

ᠳᠠᠷᠤᠤ ᠪᠠᠭᠠᠳᠤᠷ ᠊᠊᠊᠊᠊᠊᠊᠊᠊᠊᠊᠊᠊᠊᠊ ᠰᠦᠪᠧᠢ ᠮᠤᠩᠭ᠋ᠤᠯᠴᠤᠳ᠃

ᠦᠨᠡᠨ ᠭᠦ ᠮᠤᠩᠭ᠋ᠤᠯ ᠰᠡᠳᠭᠢᠯ ᠣᠨ ᠵᠭᠠᠤᠨ ᠤ ᠰᠠᠯᠭᠢᠨ ᠳᠤ ᠣᠯᠠᠷᠢᠵᠤ ᠬᠤᠪᠢᠷᠠᠠᠠᠰᠠᠨ ᠦᠭᠡᠶ

ᠦᠨᠡᠨ ᠭᠦ ᠮᠤᠩᠭ᠋ᠤᠯ ᠵᠠᠩᠰᠢᠯ ᠣᠷᠳᠤ ᠣᠳᠠᠭᠠᠨ ᠳᠡᠦᠭᠡ ᠳᠤ ᠬᠠᠢ᠌ᠯᠠᠭᠰᠠᠨ ᠥᠭᠡᠢ

ᠵᠠᠶᠠᠭ᠎ᠠ ᠮᠦᠷᠳᠠᠨ ᠵᠠᠮ ᠶᠢᠡᠨ ᠠᠯᠳᠠᠭ᠎ᠠ ᠦᠭᠡᠶ ᠶᠠᠪᠣᠭᠰᠠᠨ ᠴᠠᠰᠤᠳᠤ ᠮᠤᠩᠭ᠋ᠤᠯᠴᠤᠳ

ᠽᠠᠮᠪᠣᠯᠢᠩ ᠤᠨ ᠳᠤᠮᠳᠠ ᠪᠠᠢ᠌ᠭᠠᠯᠢᠯᠢᠭ ᠠᠮᠢᠳᠤᠷᠠᠭᠰᠠᠨ ᠮᠤᠩᠭ᠋ᠤᠯᠴᠤᠳ ︕


ᠵᠤᠬᠢᠶᠠᠭᠴᠢ ᠶᠢᠨ ᠬᠠ‍‌ᠶᠢᠭ ᠄ ᠄ ᠰᠦᠪᠧᠢ ᠰᠢᠶᠠᠨ ᠤ ᠠᠷᠠᠤᠨ ᠤᠨ ᠵᠠᠰᠠᠭ ᠤᠨ ᠣᠷᠳᠤᠨ ᠤ ᠠᠯᠪᠠᠨ ᠭᠡᠷ

ᠵᠤᠬᠢᠶᠠᠭᠴᠢ᠄ ᠮᠠᠰᠢᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1669
ᠴᠠᠭ᠄ 2012 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ