ᠬᠠᠢ᠌ᠷᠠᠳᠠᠢ ᠮᠢᠨᠤ ᠪᠠᠭᠰᠢ

      ᠪᠢ ᠰᠤᠷᠬᠤ ᠡᠴᠠ ᠡᠮᠦᠨᠡᠭᠢ ᠠᠩᠭᠢ ᠶᠢᠨ ᠰᠤᠷᠤᠭᠴᠢ ᠶᠢᠨ ᠠᠮᠢᠳᠤᠷᠠᠯ ᠢ ᠬᠠᠷᠢᠶ᠎ᠡ ᠪᠠᠭ᠎ᠠ ᠰᠤᠷᠭᠠᠭᠤᠯᠢ ᠳᠤ ᠠᠩᠬ᠎ᠠ ᠡᠭᠢᠯᠡᠭ᠍ᠰᠡᠨ ᠪᠢᠯᠠ᠃

       ᠠᠪᠣ ᠨᠠᠮ᠎ᠠ ᠶᠢ ᠠᠷᠭᠠᠳᠠᠵᠤ ᠪᠦᠪᠠᠢ᠌ᠯᠠᠵᠤ ᠪᠠᠢ᠌ᠭᠰᠠᠭᠠᠷ ᠰᠤᠷᠭᠠᠭᠤᠯᠢ ᠳᠤ ᠭᠦᠷᠭᠡᠵᠤ ᠦᠭ‍ᠭᠦᠭᠡᠳ ᠬᠠᠷᠢᠭᠰᠠᠨ ᠤ ᠳᠠᠷᠠᠭ᠎ᠠ ᠠᠩᠭᠢ ᠶᠢᠨ ᠡᠷᠭᠢᠯᠡᠭ᠍ᠴᠢ ᠯᠢ ᠬᠤᠷᠯᠤᠤ ᠪᠠᠭᠰᠢ ᠨᠠᠳᠠ ᠶᠢ ᠠᠪᠣ ᠡᠵᠢ ᠶᠢᠨ ᠬᠠᠢ᠌ᠷ᠎ᠠ ᠡᠴᠠ ᠠᠰᠳᠠᠭᠠᠨ ᠪᠠᠭᠰᠢ ᠭᠦᠮᠤᠨ ᠤ ᠠᠷᠢᠭᠤᠨ ᠨᠠᠠᠳᠢᠨ ᠰᠤᠷᠭᠠᠯ ᠶᠢᠡᠷ ᠰᠤᠶᠤᠷᠬᠠᠵᠤ ᠡᠭᠢᠯᠡᠪᠡ᠃

       ᠪᠢ ᠰᠤᠷᠭᠠᠭᠤᠯᠢ ᠳᠤ ᠣᠷᠤᠭᠰᠠᠨ ᠳᠦᠷᠦᠭᠦᠴᠢ ᠶᠢᠨ ᠡᠳᠦᠷ ᠤᠨ ᠦᠳᠡ ᠳᠤ ᠭᠡᠷ ᠲᠡᠭᠡᠨ ᠬᠠᠷᠢᠬᠤ ᠭᠡᠵᠤ ᠣᠭᠢᠯᠠᠭᠰᠠᠨ ᠳᠤ ᠯᠢ ᠬᠤᠷᠯᠤᠤ ᠪᠠᠭᠰᠢ ᠮᠠᠨᠢ᠂ ᠨᠠᠮ᠎ᠠ ᠶᠢ ᠠᠷᠭᠠᠳᠠᠨ ᠠᠷᠭᠠᠳᠠᠨ ᠠᠩᠭᠢ ᠶᠢᠨ ᠭᠡᠷ ᠲᠤ ᠠᠪᠠᠴᠢᠵᠤ᠂ ᠦᠪᠡᠷ ᠤᠨ ᠢᠳᠠᠵᠤ ᠪᠠᠢ᠌ᠭᠰᠠᠨ ᠪᠠᠩᠰᠢ ᠪᠠᠨ ᠠᠪᠴᠢᠷᠠᠵᠤ ᠢᠳᠡᠭᠦᠯᠪᠡ᠃ ᠪᠢ ᠪᠠᠩᠰᠢ ᠶᠢ ᠨᠢ ᠢᠳᠠᠵᠤ ᠪᠠᠷᠠᠭᠠᠤᠨ ᠪᠢᠴᠢᠭ᠌ ᠤᠨ ᠰᠢᠷᠡᠭᠡᠨ ᠳᠡᠭᠡᠷ᠎ᠡ ᠭᠠᠷᠴᠤ ᠭᠡᠪᠳᠡᠵᠤ ᠪᠠᠢ᠌ᠭᠠᠤᠨ ᠣᠠᠳᠠᠭᠰᠠᠨ ᠳᠤ ᠯᠢ ᠪᠠᠭᠰᠢ ᠮᠢᠨᠢ ᠨᠢᠭᠡ ᠦᠳᠡ ᠳᠤ ᠨᠠᠮ᠎ᠠ ᠶᠢ ᠬᠠᠷᠠᠵᠤ ᠰᠠᠭᠤᠭᠰᠠᠨ ᠪᠠᠢ᠌ᠵᠠᠢ᠃ ᠡᠨᠡ ᠨᠢ ᠨᠠᠳᠠ ᠶᠢ ᠣᠠᠳᠠᠭ᠎ᠠ ᠪᠠᠷ ᠶᠢᠡᠨ ᠰᠢᠷᠡᠭᠡᠨ ᠡᠴᠠ ᠣᠨᠠᠬᠤ ᠡᠴᠠ ᠠᠶᠤᠭᠰᠠᠨ ᠢ ᠪᠢ ᠬᠤᠵᠢᠮ ᠨᠢ ᠰᠠ‍‌ᠶᠢ ᠣᠬᠠᠵᠤ ᠮᠡᠳᠡᠭ᠍ᠰᠡᠨ ᠰᠢᠤ︕

       ᠯᠢ ᠪᠠᠭᠰᠢ ᠨᠠᠳᠠ ᠳᠤ ᠡᠨ ᠥᠰᠦᠭ᠌ ᠠᠷᠠᠪ ᠳᠤᠭ᠎ᠠ ᠶᠢ ᠡᠭᠢᠯᠡᠨ ᠳᠠᠨᠢᠭᠤᠯᠵᠤ ᠭᠢᠴᠢᠶᠠᠯ ᠰᠤᠷᠤᠯᠭ᠎ᠠ ᠶᠢᠨ ᠠᠶᠠᠨ ᠵᠠᠮ ᠳᠤ ᠭᠦᠳᠦᠯᠤᠨ ᠣᠷᠤᠭᠤᠯᠪᠠ᠃ ᠣᠳᠤ ᠪᠣᠳᠤᠬᠤ ᠪᠦᠷᠢ ᠳᠤ ᠪᠢ᠂ ᠯᠢ ᠬᠤᠷᠯᠤᠤ ᠪᠠᠭᠰᠢ ᠪᠠᠨ ᠣᠯᠠᠮ ᠴᠤ ᠭᠦᠡᠳᠦᠳᠭᠡᠨ ᠬᠠᠢ᠌ᠷᠠᠯᠠᠬᠤ ᠪᠣᠯᠤᠭᠰᠠᠨ ᠪᠠᠢ᠌ᠨ᠎ᠠ᠃


                                ᠵᠢᠯᠤᠭᠤᠳᠤᠭᠰᠠᠨ ᠪᠠᠭᠰᠢ᠄   ᠲ᠋ᠠᠪᠬᠤᠷᠪᠠᠶᠠᠷ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠪᠣᠤ ᠴᠦᠨ ᠰᠢᠶᠤᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2187
ᠴᠠᠭ᠄ 2011 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ