ᠢᠠᠵᠠᠠᠨᠠᠰᠢ ᠨᠠᠮᠢ᠋ᠢ ᠬᠠᠷᠠᠵᠤ ᠪᠠᠢ᠌ᠨ᠎ᠠ

----ᠣᠪᠣᠬᠠᠢ ᠪᠣᠯᠤᠩ ᠢ ᠮᠢᠨᠢ ᠢᠪᠠᠭᠡᠵᠤ ᠪᠠᠢ᠌ᠬᠤ

ᠣᠩᠭ᠋ᠤᠳ ᠰᠦᠨᠠᠰᠤᠨ ᠳ᠋ᠤᠨᠢ ᠴᠢᠨᠢ ᠳᠠᠭᠢᠯ ᠡᠷᠭᠦᠶ᠎ᠡ᠃

ᠮᠤᠰᠢᠭᠠᠢ ᠴᠤ ᠭᠡᠰᠡᠨ ᠪᠣᠰᠤᠭ᠎ᠠ ᠪᠠᠷ ᠶᠢᠡᠨ ᠪᠢᠴᠢ

ᠮᠠᠭᠤᠬᠠᠢ ᠴᠤ ᠭᠡᠰᠡᠨ ᠮᠤᠩᠭ᠋ᠤᠯ ᠶᠢᠡᠷ ᠶᠢᠡᠨ ᠭᠡᠯᠡ ᠭᠡᠵᠤ

ᠮᠠᠢ᠌ᠵᠢᠩᠬᠠᠢ ᠪᠣᠯᠤᠩ ᠤᠨ ᠮᠢᠨᠢ ᠰᠠᠷᠠᠨ ᠳᠤᠭᠤᠨᠤ ᠪᠠᠷ

ᠮᠦᠰᠢᠶᠠᠵᠤ ᠨᠠᠮᠢ᠋ᠢ ᠬᠠᠷᠠᠵᠤ ᠪᠠᠢ᠌ᠨ᠎ᠠ᠂

ᠨᠤᠳᠤᠭ ᠶᠢᠡᠨ ᠪᠣᠤ ᠭᠤᠯᠤ

ᠨᠤᠷᠮ᠎ᠠ ᠪᠠᠨ ᠪᠣᠤ ᠣᠠᠳᠠᠷᠠᠭ᠎ᠠ ᠭᠡᠵᠤ

ᠨᠡᠪᠳᠦᠭᠡᠷ ᠪᠣᠯᠤᠩ ᠤᠨ ᠮᠢᠨᠢ ᠨᠠᠷᠠᠨ ᠳᠤᠭᠤᠨᠤ ᠪᠠᠷ

ᠨᠠᠢ᠌ᠳᠠᠵᠤ ᠨᠠᠮᠢ᠋ᠢ ᠬᠠᠷᠠᠵᠤ ᠪᠠᠢ᠌ᠨ᠎ᠠ᠃

ᠥᠰᠦᠭ᠌ ᠶᠢᠡᠨ ᠵᠦᠪ ᠵᠠᠷᠤ

ᠥᠭᠡ ᠪᠠᠨ ᠴᠠᠪᠠᠷ ᠶᠠᠷᠢ ᠭᠡᠵᠤ

ᠣᠪᠣᠬᠠᠢ ᠪᠣᠯᠤᠩ ᠤᠨ ᠮᠢᠨᠢ ᠣᠳᠤᠳᠤ ᠳᠤᠭᠤᠨᠤ ᠪᠠᠷ

ᠣᠠᠳᠤᠭᠤᠴᠠᠵᠤ ᠨᠠᠮᠢ᠋ᠢ ᠬᠠᠷᠠᠵᠤ ᠪᠠᠢ᠌ᠨ᠎ᠠ᠂

ᠰᠢᠨᠠᠬ᠎ᠠ ᠪᠣᠭᠤᠮᠳᠠ ᠡᠴᠡ ᠨᠠᠰᠢ ᠴᠢᠨᠢ

ᠰᠢᠠᠳᠠᠰᠤ ᠲᠡᠶ ᠨᠠᠭᠠᠴᠤ ᠶᠢᠨ ᠬᠠᠷᠢᠶᠠᠳᠤ ᠤᠳ ᠰᠢᠤ ᠭᠡᠵᠤ

ᠰᠢᠳᠤᠷᠭᠤ ᠪᠠᠳᠤ ᠬᠤᠷᠢᠶᠠᠨ ᠤ ᠪᠠᠨ ᠡᠭᠦᠳᠡᠨ ᠡᠴᠡ

ᠰᠤᠷᠭᠠᠵᠤ ᠨᠠᠮᠢ᠋ᠢ ᠬᠠᠷᠠᠵᠤ ᠪᠠᠢ᠌ᠨ᠎ᠠ᠂

ᠵᠤᠰᠤᠳᠤ ᠲᠦᠮᠡᠤᠨ ᠭᠡᠳᠡᠭ᠌ ᠴᠢᠨᠢ

ᠵᠤᠷᠢᠭᠳᠠᠨ ᠡᠷᠡᠰ ᠤᠨ ᠥᠯᠦᠭᠡᠢ ᠰᠢᠤ ᠭᠡᠵᠤ

ᠵᠦᠷᠴᠢᠨ ᠴᠠᠭᠠᠴᠢᠨ ᠤ ᠳᠠᠪᠬᠤᠷ ᠪᠦᠰᠡᠯᠡᠯᠳᠡ ᠡᠴᠡ

ᠵᠠᠩᠳᠤᠷᠴᠤ ᠨᠠᠮᠢ᠋ᠢ ᠬᠠᠷᠠᠵᠤ ᠪᠠᠢ᠌ᠨ᠎ᠠ᠂

ᠬᠠᠷᠠᠴᠢᠨ ᠮᠤᠩᠭ᠋ᠤᠯᠵᠢᠨ ᠭᠡᠳᠡᠭ᠌ ᠴᠢᠨᠢ

ᠬᠠᠮᠤᠭ ᠮᠤᠩᠭ᠋ᠤᠯ ᠤᠨ ᠳᠠᠰᠤᠷᠬᠠᠢ ᠰᠢᠤ ᠭᠡᠵᠤ

ᠭᠢᠳᠠᠤᠨ ᠮᠠᠠᠵᠤ ᠶᠢᠨ ᠳᠠᠪᠬᠤᠷ ᠪᠦᠰᠡᠯᠡᠯᠳᠡ ᠡᠴᠡ

ᠬᠠᠰᠭᠢᠷᠴᠤ ᠨᠠᠮᠢ᠋ᠢ ᠬᠠᠷᠠᠵᠤ ᠪᠠᠢ᠌ᠨ᠎ᠠ᠂

ᠭᠦᠯᠳᠡᠭ᠍ᠰᠡᠨ ᠮᠦᠰᠤ ᠬᠠᠢ᠌ᠯᠳᠠᠭ

ᠭᠢᠮᠠᠯ ᠨᠠᠭᠤᠷ ᠰᠢᠷᠭᠢᠳᠡᠭ᠌ ᠰᠢᠤ ᠭᠡᠵᠤ

ᠭᠦᠪ ᠦᠭᠡᠶ ᠯᠤᠤᠰ ᠤᠨ ᠴᠠᠭᠠᠨ᠎ᠠ ᠡᠴᠡ

ᠭᠢᠯᠢᠩᠨᠠᠵᠤ ᠨᠠᠮᠢ᠋ᠢ ᠬᠠᠷᠠᠵᠤ ᠪᠠᠢ᠌ᠨ᠎ᠠ᠂

ᠪᠣᠯᠠᠰᠢ ᠶᠢ ᠵᠢᠪᠪᠦᠭᠦᠯᠳᠡᠭ᠌ ᠣᠰᠤ ᠪᠣᠢ

ᠪᠣᠷᠵᠢᠭᠢᠨ ᠢ ᠭᠦᠪᠪᠦᠭᠦᠯᠳᠡᠭ᠌ ᠴᠢᠰᠤ ᠪᠣᠢ ᠭᠡᠵᠤ

ᠪᠣᠯᠠᠩᠭᠢᠷ ᠦᠭᠡᠶ ᠯᠤᠤᠰ ᠤᠨ ᠴᠠᠭᠠᠨ᠎ᠠ ᠡᠴᠡ

ᠪᠠᠷᠭᠢᠷᠠᠵᠤ ᠨᠠᠮᠢ᠋ᠢ ᠬᠠᠷᠠᠵᠤ ᠪᠠᠢ᠌ᠨ᠎ᠠ᠂

ᠢᠯᠳᠤᠨ ᠤ ᠥᠵᠦᠭᠦᠷ ᠢ ᠮᠠᠳᠠᠷᠠᠭᠤᠯᠳᠠᠭ

ᠢᠷᠮᠡᠭᠦ ᠨᠢᠳᠤ ᠪᠠᠢ᠌ᠳᠠᠭ ᠰᠢᠤ ᠭᠡᠵᠤ

ᠢᠷᠤᠭᠠᠷ ᠦᠭᠡᠶ ᠯᠤᠤᠰ ᠤᠨ ᠴᠠᠭᠠᠨ᠎ᠠ ᠡᠴᠡ

ᠢᠠᠵᠠᠠᠨᠠᠰᠢ ᠨᠠᠮᠢ᠋ᠢ ᠬᠠᠷᠠᠵᠤ ᠪᠠᠢ᠌ᠨ᠎ᠠ᠃


2008/12/14 ᠪᠣᠭᠤᠳᠤ

ᠵᠤᠬᠢᠶᠠᠭᠴᠢ᠄ ᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2036
ᠴᠠᠭ᠄ 2008 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ