ᠰᠢᠯᠭᠠᠯᠳᠠ

《ᠠᠪᠣ ᠡ ᠮᠥᠮᠥ ᠡ》 ᠭᠡᠵᠤ ᠭᠡᠯᠡᠵᠤ ᠰᠤᠷᠤᠭᠰᠠᠨ ᠮᠢᠨᠢ

          ᠭᠡᠯᠡ ᠳᠤ ᠣᠷᠤᠬᠤ ᠶᠢᠨ ᠰᠢᠯᠭᠠᠯᠳᠠ ᠶᠤᠮ

ᠠᠯᠴᠠᠭ ᠪᠠᠯᠴᠠᠭ ᠭᠡᠵᠤ ᠠᠯᠬᠤᠵᠤ ᠰᠤᠷᠤᠭᠰᠠᠨ ᠮᠢᠨᠢ

          ᠭᠦᠯ ᠳᠤ ᠣᠷᠤᠬᠤ ᠶᠢᠨ ᠰᠢᠯᠭᠠᠯᠳᠠ ᠶᠤᠮ

ᠠᠰᠠᠭᠤᠵᠤ ᠰᠤᠨᠢᠷᠬᠠᠭᠠᠤᠨ ᠭᠠᠢ᠌ᠬᠠᠵᠤ ᠰᠤᠷᠤᠭᠰᠠᠨ ᠮᠢᠨᠢ

          ᠠᠮᠢᠳᠤᠷᠠᠯ ᠳᠠᠨᠢᠬᠤ ᠶᠢᠨ ᠰᠢᠯᠭᠠᠯᠳᠠ ᠶᠤᠮ

ᠠᠬᠠᠮᠠᠤᠨ ᠳᠤᠮᠤᠭᠠᠳᠠᠨ ᠶᠢᠡᠨ ᠭᠦᠡᠳᠦᠯᠡᠵᠤ ᠰᠤᠷᠤᠭᠰᠠᠨ ᠮᠢᠨᠢ

          ᠭᠦᠮᠤᠨ ᠪᠣᠯᠬᠤ ᠶᠢᠨ ᠰᠢᠯᠭᠠᠯᠳᠠ ᠶᠤᠮ


ᠰᠤᠷᠭᠠᠭᠤᠯᠢ ᠶᠢᠨ ᠪᠣᠱᠤᠭ᠎ᠠ ᠶᠢ ᠠᠯᠬᠤᠭᠠᠤᠨ ᠣᠯᠠᠨ ᠰᠢᠯᠭᠠᠯᠳᠠ ᠳᠤᠰᠢᠶᠠᠯ᠎ᠠ

ᠰᠤᠷᠤᠭᠰᠠᠨ ᠮᠡᠳᠡᠭ᠍ᠰᠡᠨ ᠢ ᠴᠢᠨᠢ ᠣᠢ᠌ᠯᠠᠭᠠᠵᠤ ᠭᠡᠮᠵᠢᠭᠦ ᠨᠢ ᠰᠢᠯᠭᠠᠯᠳᠠ ᠪᠠᠢ᠌ᠯ᠎ᠠ

ᠰᠢᠯᠭᠠᠯᠳᠠ ᠳᠠᠭᠠᠨ ᠪᠢᠳᠠ ᠵᠠᠭᠤ ᠣᠯᠤᠯ᠎ᠠ ᠭᠡᠵᠤ ᠳᠠᠷᠤᠤ ᠳᠤᠤᠭᠠᠷᠴᠤ ᠪᠠᠢ

ᠰᠢᠯᠭᠠᠯᠳᠠ ᠳᠠᠭᠠᠨ ᠪᠢᠳᠠ ᠵᠢᠷᠠ ᠣᠯᠤᠭ᠎ᠠ ᠦᠭᠡᠶ ᠭᠡᠵᠤ ᠵᠤᠷᠢᠭᠳᠠᠢ ᠳᠤᠤᠭᠠᠷᠴᠤ ᠪᠠᠢ


ᠭᠦᠮᠤᠨ ᠤ ᠨᠢᠭᠡᠨ ᠨᠠᠰᠤᠨ ᠳᠤ ᠰᠢᠯᠭᠠᠯᠳᠠ ᠳᠤᠳᠠᠳᠠᠭ ᠦᠭᠡᠶ ᠶᠤᠮ

ᠭᠦᠪᠴᠢ ᠶᠢᠨ ᠪᠠᠯᠠᠷ ᠣᠢ ᠳᠤ ᠰᠢᠪᠠᠭᠤ ᠳᠤᠳᠠᠳᠠᠭ ᠦᠭᠡᠶ ᠶᠤᠮ

ᠭᠦᠯ ᠡᠴᠠ ᠡᠭᠢᠯᠡᠭ᠍ᠰᠡᠨ ᠵᠠᠮ ᠳᠤ ᠭᠦᠴᠢᠷ ᠳᠤᠳᠠᠳᠠᠭ ᠦᠭᠡᠶ ᠶᠤᠮ

ᠭᠦᠭᠡᠮᠳᠦᠭ᠌ ᠴᠡᠩᠭᠡᠷ ᠠᠭᠤᠯᠠᠨ ᠳᠤ ᠭᠦᠳᠡᠩ ᠳᠤᠳᠠᠳᠠᠭ ᠦᠭᠡᠶ ᠶᠤᠮ


ᠦᠷᠦᠭᠡᠯ ᠢ ᠡᠷᠭᠡᠰᠢᠶᠡᠭ᠍ᠰᠡᠨ ᠮᠠᠠᠵᠤᠴᠤᠳ ᠴᠠᠭ ᠤᠨ ᠰᠢᠯᠭᠠᠯᠳᠠ ᠳ᠋ᠤ

ᠦᠰᠦᠭ᠌ ᠶᠢᠡᠨ ᠭᠡᠭᠡᠴᠢᠭᠡᠭ᠍ᠰᠡᠨ ᠶᠤᠮ

ᠦᠷᠦᠭᠡᠯ ᠳᠤ ᠭᠦᠨᠦᠭᠡᠭ᠍ᠳᠡᠭ᠍ᠰᠡᠨ ᠢᠪᠷᠡᠢ᠌ᠴᠦᠳ ᠴᠠᠭ ᠤᠨ ᠰᠢᠯᠭᠠᠯᠳᠠ ᠳ᠋ᠤ

ᠦᠰᠦᠭ᠌ ᠶᠢᠡᠨ ᠰᠡᠷᠭᠦᠭᠡᠴᠢᠭᠡᠭ᠍ᠰᠡᠨ ᠶᠤᠮ

ᠦᠪᠡᠷ ᠪᠢ ᠪᠠᠨ ᠳᠠᠨᠢᠭᠰᠠᠤᠨ ᠴᠠᠭ ᠤᠨ ᠰᠢᠯᠭᠠᠯᠳᠠ ᠳᠤ ᠭᠦᠭ᠍ᠵᠢᠵᠤ ᠪᠣᠢ

ᠥᠵᠦᠭᠦᠷ ᠦᠭᠡᠶ ᠣᠭᠰᠣᠢ᠌ᠭᠰᠠᠤᠨ ᠴᠠᠭ ᠤᠨ ᠰᠢᠯᠭᠠᠯᠳᠠ ᠳᠤ ᠪᠠᠯᠠᠷᠠᠵᠤ ᠪᠣᠢ


ᠡᠷᠳᠡᠨᠢ ᠶᠢᠨ ᠳᠠᠪᠤᠨ ᠰᠦᠷᠦᠭ᠌ ᠤᠨ ᠳᠡᠷᠢᠭᠦᠨ ᠮᠤᠷᠢ ᠮᠢᠨᠢ ᠴᠥᠭᠡᠷᠡᠵᠤ ᠪᠣᠢ

ᠡᠯᠡᠰᠤᠨ ᠴᠦᠯ ᠤᠨ ᠣᠩᠭ᠋ᠤᠴᠠ ᠴᠤᠯᠠ ᠲᠡᠶ ᠳᠡᠮᠡᠭᠡ ᠮᠢᠨᠢ ᠴᠥᠭᠡᠷᠡᠵᠤ ᠪᠣᠢ

ᠡᠯᠳᠡᠩ ᠠᠭᠤᠳᠠᠮ ᠨᠤᠳᠤᠭ ᠲᠤ ᠮᠢᠨᠢ ᠳᠤᠭᠤᠯ ᠤᠨ ᠪᠠᠯᠴᠢᠭᠡᠷ ᠴᠥᠭᠡᠷᠡᠵᠤ ᠪᠣᠢ

ᠡᠭᠡ ᠭᠡᠯᠡᠨ ᠤ ᠮᠢᠨᠢ ᠰᠤᠷᠭᠠᠭᠤᠯᠢ ᠳᠤ ᠰᠤᠷᠬᠤ ᠬᠡᠦᠬᠡᠳ ᠴᠥᠭᠡᠷᠡᠵᠤ ᠪᠣᠢ


ᠨᠡᠭᠦᠳᠡᠯ ᠰᠠᠢ᠌ᠬᠠᠨ ᠠᠮᠢᠳᠤᠷᠠᠯ ᠮᠢᠨᠢ ᠰᠠᠭᠤᠷᠢᠰᠢᠯ ᠠᠮᠢᠳᠤᠷᠠᠯ ᠶᠢᠡᠷ ᠬᠤᠪᠢᠷᠠᠵᠤ ᠪᠣᠢ

ᠨᠡᠢ᠌ᠳᠡᠯᠢᠭ᠌ ᠴᠠᠪᠠᠷ ᠭᠡᠯᠡ ᠮᠢᠨᠢ ᠬᠤᠯᠢᠮᠠᠭ ᠭᠡᠯᠡ ᠪᠠᠷ ᠴᠤᠯᠴᠠᠷᠠᠵᠤ ᠪᠣᠢ

ᠨᠡᠯᠦᠭᠡᠷ ᠨᠤᠭᠤᠭᠠᠨ ᠳᠠᠯ᠎ᠠ ᠮᠢᠨᠢ ᠡᠯᠡᠰᠤ ᠮᠠᠩᠬ᠎ᠠ ᠪᠠᠷ ᠰᠢᠭᠤᠷᠴᠤ ᠪᠣᠢ

ᠨᠠᠷᠠᠮᠠᠯ ᠬᠠᠷ᠎ᠠ ᠠᠷᠢᠭᠢ ᠮᠢᠨᠢ ᠨᠠᠷ᠎ᠠ ᠭᠠᠷᠬᠤ ᠪᠠᠷ ᠳᠤᠭᠰᠢᠷᠠᠵᠤ ᠪᠣᠢ


ᠰᠦᠮ᠎ᠡ ᠭᠡᠢ᠌ᠳ ᠲᠤ ᠡᠷᠭᠡᠰᠢᠶᠡᠭ᠍ᠳᠡᠭ᠍ᠰᠡᠨ ᠴᠤ ᠰᠤᠷᠤᠭᠰᠠᠨ ᠭᠡᠯᠡ ᠪᠠᠨ ᠠᠯᠳᠠᠭ᠎ᠠ ᠥᠭᠡᠢ

ᠰᠥ᠋ ᠴᠠᠭ᠎ᠠ ᠴᠥᠭᠡᠷᠡᠭ᠍ᠰᠡᠨ ᠴᠤ ᠰᠦ᠋ ᠲᠡᠶ ᠴᠠᠢ ᠪᠠᠨ ᠮᠠᠷᠳᠠᠭ᠎ᠠ ᠥᠭᠡᠢ

ᠳᠠᠯ᠎ᠠ ᠶᠢᠨ ᠭᠦᠷᠦᠭᠡᠰᠤ ᠨᠢ ᠴᠥᠭᠡᠷᠡᠭ᠍ᠰᠡᠨ ᠴᠤ ᠳᠠᠭᠰᠢᠬᠤ ᠳᠤᠭᠤᠰᠤ ᠨᠢ ᠳᠤᠨᠤᠷᠠᠭ᠎ᠠ ᠥᠭᠡᠢ

ᠳᠠᠪᠢᠯᠠᠩ ᠳᠤᠭᠠᠯᠠᠩ ᠨᠢ ᠮᠠᠭᠤᠳᠠᠭᠰᠠᠨ ᠴᠤ ᠳᠠᠭᠢᠮᠳᠠᠭᠤ ᠵᠠᠩ ᠨᠢ ᠬᠤᠪᠢᠷᠠᠭ᠎ᠠ ᠥᠭᠡᠢ


ᠭᠦᠮᠤᠨ ᠤ ᠴᠢᠨᠠᠷ ᠢᠨᠤ ᠭᠢᠳᠠᠤᠨ ᠮᠤᠩᠭ᠋ᠤᠯ ᠶᠢᠡᠷ ᠪᠣᠯᠳᠠᠭ ᠦᠭᠡᠶ

ᠬᠠᠨᠢᠯᠠᠨ ᠪᠠᠢ᠌ᠵᠤ ᠬᠠᠮᠤᠭ ᠰᠢᠯᠭᠠᠯᠳᠠ ᠶᠢᠨ ᠳᠤᠮᠳᠠ ᠳᠤᠳᠤᠷᠠᠳᠠᠭ ᠶᠤᠮ

ᠭᠦᠯᠦᠭ᠌ ᠤᠨ ᠰᠠᠢ᠌ᠨ ᠢᠨᠤ ᠬᠤᠯᠠᠨ ᠰᠢᠷᠭᠠᠯ ᠶᠢᠡᠷ ᠳᠤᠭᠳᠠᠭᠠᠭᠳᠠᠳᠠᠭ ᠥᠭᠡᠢ

ᠣᠨᠤᠨ ᠪᠠᠢ᠌ᠵᠤ ᠬᠤᠯᠠ ᠶᠢᠨ ᠵᠠᠮ ᠳᠤ ᠰᠢᠯᠭᠠᠷᠠᠳᠠᠭ ᠶᠤᠮ


ᠰᠢᠯᠭᠠᠪᠠᠯ ᠦᠨᠡᠨ ᠭᠡᠳᠡᠭ᠌ ᠥᠭᠡ ᠪᠠᠳᠤᠯᠠᠭᠳᠠᠨ᠎ᠠ

ᠦᠨᠡᠨ ᠢ ᠨᠢ ᠳᠠᠭᠠᠭᠠᠤᠨ ᠦᠷ᠎ᠡ ᠳ᠋ᠦ᠋ᠩ ᠨᠢ ᠳᠠᠨᠢᠭᠳᠠᠨ᠎ᠠ

ᠢᠨᠠᠭᠯᠠᠪᠠᠯ ᠬᠠᠢ᠌ᠷ᠎ᠠ ᠭᠡᠳᠡᠭ᠌ ᠥᠭᠡ ᠪᠠᠳᠤᠯᠠᠭᠳᠠᠨ᠎ᠠ

ᠬᠠᠢ᠌ᠷ᠎ᠠ ᠶᠢ ᠨᠢ ᠳᠠᠭᠠᠭᠠᠤᠨ ᠰᠡᠳᠭᠢᠯ ᠵᠢᠷᠦᠭᠡ ᠨᠢ ᠳᠠᠨᠢᠭᠳᠠᠨ᠎ᠠ


ᠠᠷᠭᠠᠯ ᠯᠠ ᠶᠤᠮ ᠪᠣᠯ ᠦᠨᠡᠰᠤᠷᠠᠨ ᠭᠡᠢ᠌ᠰᠤᠨ᠎ᠡ ᠭᠡᠳᠡᠭ᠌ ᠢ ᠪᠣᠳᠤ

ᠠᠯᠳᠠ ᠯᠠ ᠶᠤᠮ ᠪᠣᠯ ᠰᠢᠵᠢᠷᠳᠠᠨ ᠭᠡᠷᠡᠯᠳᠤᠨ᠎ᠡ ᠭᠡᠳᠡᠭ᠌ ᠢ ᠰᠠᠨᠠ

ᠠᠯᠵᠠᠭᠤ ᠯᠠ ᠶᠤᠮ ᠪᠣᠯ ᠣᠷᠤᠭᠤᠳᠤᠨ ᠳᠤᠷᠣᠢ᠌ᠳᠠᠨ᠎ᠠ ᠭᠡᠳᠡᠭ᠌ ᠢ ᠮᠠᠳᠠ

ᠠᠵᠢᠯᠴᠢ ᠯᠠ ᠶᠤᠮ ᠪᠣᠯ ᠥᠭᠡᠳᠡᠯᠡᠨ ᠮᠠᠠᠳᠤᠨ᠎ᠠ ᠭᠡᠳᠡᠭ᠌ ᠢ ᠢᠳᠡᠭᠡ


ᠠᠷᠢᠭᠢ ᠳᠠᠷᠠᠰᠤ ᠶᠢ ᠵᠢᠷᠭᠤᠭᠠᠬᠠᠨ ᠬᠤᠪᠢ ᠣᠯᠬᠤ ᠦᠭᠡᠶ ᠪᠠᠢ᠌ᠵᠤ ᠪᠣᠯᠤᠨ᠎ᠠ

ᠠᠮᠢᠳᠤᠷᠠᠯ ᠣᠢ᠌ᠯᠠᠰ ᠢ ᠵᠢᠷᠠᠨ ᠬᠤᠪᠢ ᠣᠯᠤᠭᠠᠤᠨ ᠵᠤᠭᠰᠤᠩᠭ᠋ᠣᠢ᠌ᠷᠠᠵᠤ ᠪᠣᠯᠬᠤ ᠦᠭᠡᠶ ᠶᠤᠮ

ᠠᠪᠣ ᠶᠢᠨ ᠰᠤᠷᠭᠠᠯ ᠴᠤ ᠵᠠᠭᠤᠨ ᠬᠤᠪᠢ ᠶᠢᠨ ᠶᠤᠰᠤ ᠣᠴᠢᠷ ᠲᠡᠶ ᠶᠤᠮ

ᠠᠮᠠᠷᠠᠭ ᠤᠨ ᠰᠡᠳᠭᠢᠯ ᠴᠤ ᠵᠠᠭᠤᠨ ᠬᠤᠪᠢ ᠶᠢᠨ ᠬᠠᠢ᠌ᠷ᠎ᠠ ᠡᠨᠡᠷᠢᠯ ᠲᠡᠶ ᠶᠤᠮ


ᠦᠪᠡᠷ ᠤᠨ ᠪᠠᠶ᠎ᠠ ᠪᠠᠨ ᠴᠢ ᠵᠠᠭᠤᠨ ᠬᠤᠪᠢ ᠪᠠᠷ ᠳ᠋ᠦ᠋ᠩᠨᠠᠪᠠᠯ

ᠦᠷᠦᠭᠡᠯ ᠪᠣᠰᠤᠳ ᠴᠢᠨᠢ ᠴᠢᠮᠢ᠋ᠢ ᠵᠢᠷᠠᠨ ᠬᠤᠪᠢ ᠪᠠᠷ ᠴᠤ ᠥᠵᠡᠭᠦ ᠦᠭᠡᠶ ᠶᠤᠮ

ᠦᠷᠦᠭᠡᠯ ᠪᠣᠰᠤᠳ ᠴᠢᠨᠢ ᠴᠢᠮᠢ᠋ᠢ ᠵᠢᠷᠠᠨ ᠬᠤᠪᠢ ᠪᠠᠷ ᠦᠨᠡᠯᠠᠪᠠᠯ

ᠦᠪᠡᠷ ᠶᠢᠡᠨ ᠴᠢ ᠵᠠᠭᠤᠨ ᠬᠤᠪᠢ ᠪᠠᠷ ᠴᠢᠷᠮᠠᠢ᠌ᠬᠤ ᠭᠡᠷᠡᠭ᠍ᠳᠡᠢ ᠶᠤᠮ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1850
ᠴᠠᠭ᠄ 2012 ᠤᠨ ᠤ 05 ᠰᠠᠷ᠎ᠠ ᠶᠢᠨ 15