ᠮᠤᠩᠭᠤᠯ ᠬᠡᠯᠡᠨ ᠤ ᠵᠢᠭᠠᠨ ᠰᠤᠷᠭᠠᠯᠲᠠ ᠳᠤ ᠤᠷᠤᠰᠢᠵᠤ ᠪᠠᠢ᠌ᠭ᠎ᠠ ᠠᠰᠠᠭᠤᠳᠠᠯ

ᠣᠷᠴᠢᠮ ᠳᠤ ᠰᠤᠨᠢᠨ᠂ ᠰᠦᠯᠵᠢᠶ᠎ᠠ᠂ ᠵᠠᠭᠤᠴᠢᠯᠠᠭᠤᠷ ᠤᠳ ᠶᠢᠡᠷ ᠳᠤᠮᠳᠠᠳᠤ ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡᠨ ᠤ ᠵᠢᠭᠠᠠᠨ ᠰᠤᠷᠭᠠᠯᠳᠠ ᠶᠢᠨ ᠠᠰᠠᠭᠤᠳᠠᠯ ᠤᠨ ᠳᠤᠬᠠᠢ ᠣᠯᠠᠨ ᠶᠠᠷᠢᠶ᠎ᠠ ᠭᠡᠯᠡᠯᠴᠡᠭᠡᠷ ᠶᠠᠪᠣᠭᠤᠯᠤᠭᠰᠠᠨ ( ᠦᠭ‍ᠭᠦᠭ᠍ᠰᠡᠨ )᠃ ᠮᠢᠨᠤ ᠪᠠᠶ᠎ᠠ ᠴᠤ 《ᠦᠪᠣᠷ ᠮᠤᠩᠭ᠋ᠤᠯ ᠤᠨ ᠡᠳᠦᠷ ᠤᠨ ᠰᠤᠨᠢᠨ》 ᠪᠣᠶᠤ ᠦᠪᠣᠷ ᠮᠤᠩᠭ᠋ᠤᠯ ᠤᠨ ᠣᠳᠤᠨ ᠳᠸᠯᠸᠢᠰ ᠲᠤ ᠡᠨᠡ ᠳᠤᠬᠠᠢ ᠲᠡᠶ ᠳᠤᠰᠬᠠᠢ ᠰᠤᠷᠪᠣᠯᠵᠢᠯᠭ᠎ᠠ ᠥᠭ᠍ᠴᠤ᠂ ᠦᠪᠡᠷ ᠤᠨ ᠪᠣᠳᠤᠯ ᠰᠠᠨᠠᠯ᠂ ᠦᠵᠡᠯᠳᠠ ᠪᠠᠷᠢᠮᠳᠠᠯᠠᠯ ᠶᠢᠡᠨ ᠡᠷᠢᠶ᠎ᠡ ᠵᠢᠷᠤᠭ᠎ᠠ ᠦᠭᠡᠶ ᠶᠠᠷᠢᠵᠤ ᠳᠡᠯᠭᠡᠭ᠍ᠰᠡᠨ᠃

ᠮᠤᠩᠭ᠋ᠤᠯ ᠭᠡᠯᠡᠨ ᠤ ᠵᠢᠭᠠᠨ ᠰᠤᠷᠭᠠᠯᠳᠠ ( ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠴᠤ ᠪᠠᠭᠳᠠᠨ᠎ᠠ ) ᠳᠤ ᠣᠷᠤᠰᠢᠵᠤ ᠪᠠᠢ᠌ᠭ᠎ᠠ ᠠᠰᠠᠭᠤᠳᠠᠯ ᠪᠣᠯ ᠡᠩ ᠤᠨ ᠠᠰᠠᠭᠤᠳᠠᠯ ᠪᠢᠰᠢ᠂ ᠳᠤᠮᠤ ᠴᠢᠬᠤᠯᠠ ᠠᠰᠠᠭᠤᠳᠠᠯ᠃ ᠪᠦᠭᠦᠢᠯᠡ ᠦᠨᠳᠦᠰᠦᠳᠠᠨ ᠤ ᠰᠤᠷᠭᠠᠨ ᠭᠦᠮᠦᠵᠢᠯ᠂ ᠵᠢᠭᠠᠨ ᠰᠤᠷᠭᠠᠯᠳᠠ ᠶᠢᠨ ᠠᠵᠢᠯ ᠳᠤ ᠣᠷᠤᠰᠢᠵᠤ ᠪᠠᠢ᠌ᠭ᠎ᠠ ᠳᠤᠮᠤ ᠴᠢᠬᠤᠯᠠ ᠠᠰᠠᠭᠤᠳᠠᠯ᠃ ᠭᠦᠡᠳᠦᠦᠡᠭᠡᠵᠤ ᠥᠵᠡᠭᠦᠰᠢᠳᠡᠢ᠂ ᠵᠠᠳᠠᠯᠤᠨ ᠰᠢᠡᠵᠡᠭᠦᠰᠢᠳᠡᠢ᠂ ᠵᠠᠰᠠᠨ ᠵᠠᠯᠠᠷᠠᠭᠤᠰᠢᠳᠠᠢ ᠠᠰᠠᠭᠤᠳᠠᠯ ᠪᠣᠯᠬᠤ ᠶᠤᠮ᠃ ᠳᠤᠤᠷ᠎ᠠ ᠪᠢ ᠡᠨᠡ ᠳᠤᠬᠠᠢ ᠲᠡᠶ ᠦᠪᠡᠷ ᠤᠨ ᠣᠢ᠌ᠯᠭᠠᠯᠳᠠ ᠪᠠᠨ ᠴᠤᠬᠤᠰ ᠶᠠᠷᠢᠰᠤᠭᠠᠢ᠃

ᠨᠢᠭᠡ᠂ ᠭᠡᠯᠡᠨ ᠤ ᠠᠰᠠᠭᠤᠳᠠᠯ᠃

ᠭᠤᠤᠯ ᠨᠢ ᠰᠤᠷᠤᠭᠴᠢᠳ ᠤᠨ ᠭᠡᠯᠡ᠂ ᠶᠠᠷᠢᠶ᠎ᠠ᠃ ᠰᠤᠷᠤᠭᠴᠢᠳ ᠤᠨ ᠭᠡᠯᠡᠨ ᠤ ᠰᠠᠭᠤᠷᠢ ᠳᠤᠤᠷ᠎ᠠ᠂ ᠭᠡᠯᠡ ᠰᠤᠷᠬᠤ ᠨᠥᠭᠦᠴᠡᠯ᠂ ᠣᠷᠴᠢᠨ ᠪᠠᠷᠤᠭᠳᠠᠢ᠂ 《ᠪᠣᠭᠢᠷᠳᠠᠯ》 ᠶᠡᠭᠡ ᠮᠤᠩᠭ᠋ᠤᠯ ᠶᠢᠡᠷ ᠭᠡᠯᠡᠵᠤ ᠶᠠᠷᠢᠬᠤ ᠨᠥᠭᠦᠴᠡᠯ ᠪᠣᠯᠤᠯᠴᠠᠭ᠎ᠠ ᠳᠤᠳᠠᠮᠠᠭ᠂ ᠮᠤᠩᠭ᠋ᠤᠯ ᠶᠢᠡᠷ ᠪᠢᠴᠢᠵᠤ ᠢᠯᠡᠳᠭᠡᠭᠦ᠂ ᠵᠤᠬᠢᠶᠠᠵᠤ ᠪᠦᠳᠦᠭᠡᠭᠦ ᠵᠠᠪᠰᠢᠶᠠᠨ ᠲᠤᠬᠢᠶᠠᠯ ᠴᠥᠭᠡᠨ᠃

ᠬᠤᠶᠠᠷ᠂ ᠪᠠᠭᠰᠢ ᠶᠢᠨ ᠡᠩᠨᠡᠭᠡᠨ ᠤ ᠠᠰᠠᠭᠤᠳᠠᠯ᠃

ᠰᠤᠮᠤ ᠪᠠᠯᠭᠠᠰᠤ ᠶᠢ ᠳᠦᠪᠯᠡᠷᠡᠭᠦᠯᠵᠤ ᠰᠤᠷᠭᠠᠭᠤᠯᠢ ᠰᠤᠷᠳᠠᠯ ᠢ ᠨᠡᠢ᠌ᠯᠡᠭᠦᠯᠦᠭ᠍ᠰᠡᠨ ᠪᠣᠶᠤ ᠰᠤᠷᠭᠠᠨ ᠭᠦᠮᠦᠵᠢᠯ ᠤᠨ ᠥᠭᠡᠷᠡᠴᠢᠯᠡᠯᠳᠡ ᠭᠢᠵᠤ ᠪᠠᠭᠰᠢ ᠶᠢᠨ ᠡᠩᠨᠡᠭᠡ ᠶᠢ ᠴᠤᠮᠠᠤᠠᠬᠠᠭᠰᠠᠨ ᠶᠢᠡᠷ᠂ ᠨᠢᠭᠡ ᠪᠦᠯᠦᠭ᠌ ᠠᠬᠠᠮᠠᠤᠨ ᠢᠳᠠᠷ ᠪᠠᠭᠰᠢ ᠨᠡᠷ ᠠᠷᠭ᠎ᠠ ᠪᠣᠰᠤ ᠠᠵᠢᠯ ᠤᠨ ᠪᠠᠢ᠌ᠷᠢ ᠡᠴᠡ ᠪᠠᠨ ᠣᠷᠢᠤᠠᠴᠢᠯᠠᠨ ᠪᠠᠭᠤᠵᠤ᠂ ᠵᠠᠯᠠᠭᠤ ᠪᠠᠭᠰᠢ ᠨᠡᠷ ᠭᠤᠤᠯᠳᠠᠭᠤ ᠥᠯᠡᠳᠡᠭ᠍ᠰᠡᠨ ᠶᠢᠡᠷ᠂ ᠪᠠᠭᠰᠢ ᠶᠢᠨ ᠡᠩᠨᠡᠭᠡ ᠳᠤ ᠰᠢᠨ᠎ᠡ ᠥᠵᠡᠭ᠍ᠳᠡᠯ ᠊᠊᠊᠊᠊᠊᠊᠊᠊᠊᠊᠊᠊᠊᠊ 《ᠵᠠᠯᠠᠭᠤᠵᠢᠬᠤ》 ᠳᠦᠷᠢ ᠢᠯᠠᠷᠠᠪᠠ᠃ ᠵᠠᠯᠠᠭᠤ ᠪᠠᠭᠰᠢ ᠣᠯᠠᠰᠢᠷᠠᠪᠠ᠃ ᠡᠳᠡᠭᠡᠷ ᠵᠠᠯᠠᠭᠤ ᠪᠠᠭᠰᠢ ᠨᠡᠷ ᠤᠨ ᠮᠡᠳᠡᠯᠭᠡ ᠴᠢᠳᠠᠪᠣᠷᠢ ᠶᠢᠨ ᠰᠠᠭᠤᠷᠢ ᠳᠤᠤᠷ᠎ᠠ᠂ ᠳᠤᠷᠰᠢᠯᠭ᠎ᠠ ᠮᠡᠭᠦᠰ ᠰᠤᠷᠴᠤ ᠡᠵᠡᠮᠰᠢᠭ᠍ᠰᠡᠨ ᠶᠠᠭᠤᠮ᠎ᠠ ᠳᠤᠯᠢᠮᠠᠭ᠂ ᠰᠤᠷᠴᠤ ᠪᠣᠯᠪᠠᠰᠤᠷᠠᠵᠤ ᠮᠡᠳᠡᠯᠭᠡ ᠴᠢᠳᠠᠪᠣᠷᠢ ᠪᠠᠨ ᠳᠡᠭᠡᠭ᠍ᠰᠢᠯᠡᠭᠦᠯᠵᠤ ᠴᠢᠩᠭ᠋ᠠᠷᠠᠭᠤᠯᠬᠤ ᠪᠠᠷ ᠭᠦᠷᠦᠯᠴᠡᠭᠦ ᠦᠭᠡᠶ ᠰᠤᠷᠴᠤ ᠡᠵᠡᠮᠰᠢᠭ᠍ᠰᠡᠨ ᠶᠠᠭᠤᠮ᠎ᠠ ᠪᠠᠨ ᠰᠤᠷᠭᠠᠭᠤᠯᠢ ᠭᠦᠮᠦᠵᠢᠯ᠂ ᠭᠢᠴᠢᠶᠠᠯ ᠲᠦᠷᠦᠯ ᠳᠡᠭᠡᠨ ᠨᠡᠢ᠌ᠰᠢᠭᠦᠯᠵᠤ ᠢᠳᠡᠭᠡᠰᠢᠯᠡᠭᠦᠯᠵᠤ ᠭᠡᠷᠡᠭᠯᠡᠵᠤ ᠵᠠᠷᠤᠵᠤ ᠴᠢᠳᠠᠬᠤ ᠦᠭᠡᠶ ᠵᠡᠷᠭᠡ ᠪᠠᠢ᠌ᠳᠠᠯ ᠪᠠᠢ᠌ᠭ᠎ᠠ᠃ ᠴᠠᠭ ᠦᠶ᠎ᠡ ᠪᠣᠶᠤ ᠣᠷᠴᠢᠨ ᠳᠤᠭᠤᠷᠢᠨ ᠶᠢᠡᠨ ᠳᠠᠭᠠᠭᠠᠤᠨ ᠪᠠᠭᠰᠢ ᠨᠡᠷ ᠤᠨ ᠭᠡᠯᠡ ᠰᠠᠤᠠᠭᠢᠴᠠ ᠴᠤ ᠳᠣᠢ᠌ᠯ ᠶᠢᠡᠷ ᠢᠪᠴᠠᠤᠷᠠᠵᠤ ᠪᠢᠳᠠᠭᠤᠷᠠᠵᠤ ᠶᠠᠳᠠᠭᠤᠷᠠᠵᠤ ᠪᠠᠢ᠌ᠭ᠎ᠠ᠃

ᠭᠤᠷᠪᠠ᠂ ᠰᠤᠷᠭᠠᠭᠤᠯᠢ᠂ ᠠᠩᠭᠢ ᠶᠢᠨ ᠠᠰᠠᠭᠤᠳᠠᠯ᠃

ᠰᠤᠷᠭᠠᠭᠤᠯᠢ ᠴᠥᠭᠡᠨ᠂ ᠠᠩᠭᠢ ᠪᠠᠭ᠎ᠠ᠂ ᠨᠢᠭᠡ ᠠᠩᠭᠢ ᠳᠤ ᠰᠤᠷᠴᠤ ᠪᠠᠢ᠌ᠭ᠎ᠠ ᠭᠡᠦᠭᠡᠤᠨ ᠣᠯᠠᠨ᠃ ᠰᠤᠷᠭᠠᠭᠤᠯᠢ᠂ ᠪᠠᠭᠰᠢ ᠡᠴᠡ ᠭᠢᠴᠢᠶᠠᠯ ᠭᠦᠮᠦᠵᠢᠯ ᠶᠢᠡᠨ ᠦᠪᠡᠷ ᠤᠨ ᠰᠠᠨᠠᠭ᠎ᠠ ᠪᠠᠷ ᠶᠢᠡᠨ ᠭᠢᠵᠤ ᠶᠠᠪᠣᠭᠳᠠᠭᠤᠯᠵᠤ ᠴᠢᠳᠠᠬᠤ ᠦᠭᠡᠶ᠃ ᠴᠠᠭ ᠤᠨ ᠭᠢᠴᠢᠶᠠᠯ ᠶᠢᠡᠨ ᠴᠠᠭ ᠲᠠᠭᠠᠨ ᠵᠢᠭᠠᠵᠤ ᠪᠠᠷᠠᠭᠠᠵᠤ ᠳᠡᠢ᠌ᠯᠭᠦ ᠦᠭᠡᠶ ᠪᠣᠶᠤ ᠴᠠᠭ ᠤᠨ ᠳᠠᠰᠬᠠᠯ ᠶᠢᠡᠨ ᠴᠠᠭ ᠲᠠᠭᠠᠨ ᠭᠢᠨᠠᠵᠤ ᠵᠠᠰᠠᠵᠤ ᠴᠢᠳᠠᠬᠤ ᠦᠭᠡᠶ᠃ ᠰᠤᠷᠤᠭᠴᠢᠳ ᠶᠢᠡᠷ ᠣᠯᠠᠨ ᠵᠣᠢ᠌ᠯ ᠤᠨ ᠶᠠᠭᠤᠮ᠎ᠠ ᠭᠢᠯᠭᠡᠵᠤ ᠣᠷᠤᠯᠳᠤᠭᠤᠯᠵᠤ ᠠᠮᠵᠢᠬᠤ ᠦᠭᠡᠶ᠂ ᠰᠤᠷᠤᠭᠴᠢᠳ ᠤᠨ ᠰᠤᠷᠴᠤ ᠪᠣᠯᠪᠠᠰᠤᠷᠠᠬᠤ ᠳᠤ ᠠᠰᠢᠭᠳᠠᠢ ᠣᠯᠠᠨ ᠲᠦᠷᠦᠯ ᠤᠨ ᠭᠦᠳᠡᠯᠭᠡᠭᠡᠨ ᠠᠵᠢᠯᠠᠯᠭ᠎ᠠ ᠶᠢ ᠥᠷᠨᠢᠭᠦᠯᠵᠤ ᠶᠠᠪᠣᠭᠳᠠᠭᠤᠯᠵᠤ ᠴᠢᠳᠠᠬᠤ ᠦᠭᠡᠶ ᠪᠠᠢ᠌ᠭ᠎ᠠ᠃

ᠳᠦᠷᠪᠡ᠂ ᠭᠢᠴᠢᠶᠠᠯ ᠲᠦᠷᠦᠯ ᠤᠨ ᠠᠰᠠᠭᠤᠳᠠᠯ᠃

ᠭᠢᠴᠢᠶᠠᠯ ᠲᠦᠷᠦᠯ ᠣᠯᠠᠨ᠃ ᠰᠤᠷᠬᠤ ᠦᠭᠡᠶ ᠶᠠᠭᠤᠮ᠎ᠠ ᠭᠡᠵᠤ ᠪᠠᠢ᠌ᠬᠤ ᠦᠭᠡᠶ᠂ ᠰᠤᠷᠤᠭᠠᠤᠨ ᠵᠥᠭ᠌ ᠭᠠᠷᠬᠤ ᠶᠠᠭᠤᠮ᠎ᠠ ᠭᠡᠵᠤ ᠴᠤ ᠪᠠᠢ᠌ᠬᠤ ᠦᠭᠡᠶ᠃ ᠭᠡᠯᠡ ᠳᠤᠭ᠎ᠠ᠂ ᠭᠢᠳᠠᠤᠨ ᠭᠡᠯᠡ᠂ ᠭᠠᠳᠠᠭᠠᠳᠤ ᠭᠡᠯᠡ ᠡᠴᠡ ᠠᠰᠳᠠᠭᠠᠨ ᠵᠠᠩ ᠮᠤᠷᠠᠯ᠂ ᠭᠠᠷ ᠣᠷᠠᠯᠠᠯ᠂ ᠰᠢᠡᠵᠢᠯᠡᠭᠦ ᠣᠬᠠᠭᠠᠨ᠂ ᠰᠠᠤᠠᠭᠢᠴᠠ ᠶᠢᠨ ᠭᠦᠮᠦᠵᠢᠯ᠂ ᠣᠷᠴᠢᠨ ᠳᠤᠭᠤᠷᠢᠨ ᠤ ᠭᠦᠮᠦᠵᠢᠯ᠂ ᠣᠯᠤᠰ ᠶᠢᠡᠨ ᠬᠠᠢ᠌ᠷᠠᠯᠠᠬᠤ ᠭᠦᠮᠦᠵᠢᠯ᠁ ᠣᠯᠤᠰ ᠤᠨ ᠭᠢᠴᠢᠶᠠᠯ᠂ ᠭᠠᠵᠠᠷ ᠣᠷᠤᠨ ᠤ ᠭᠢᠴᠢᠶᠠᠯ᠂ ᠰᠤᠷᠭᠠᠭᠤᠯᠢ ᠶᠢᠨ ᠭᠢᠴᠢᠶᠠᠯ ᠭᠡᠤᠨ ᠪᠠᠢ᠌ᠬᠤ ᠯᠠ ᠭᠢᠴᠢᠶᠠᠯ᠃ ᠠᠯᠢ ᠠᠯᠢᠨ ᠢ ᠨᠢ ᠴᠤ ᠰᠤᠷᠤᠭᠠᠤᠨ ᠵᠠᠪᠳᠠᠬᠤ ᠦᠭᠡᠶ᠂ ᠠᠯᠢ ᠠᠯᠢᠨ ᠢ ᠴᠤ ᠰᠤᠷᠭᠠᠬᠤ ᠦᠭᠡᠶ ᠪᠠᠰᠠ ᠪᠣᠯᠬᠤ ᠦᠭᠡᠶ᠃ ᠡᠮᠭᠢ ᠵᠠᠮᠪᠠᠷᠠᠭ᠎ᠠ ᠦᠭᠡᠶ᠂ ᠰᠢᠰᠲ᠋ᠧᠮᠳᠤ ᠴᠢᠨᠠᠷ ᠦᠭᠡᠶ᠃ ᠰᠤᠷᠤᠭᠴᠢᠳ ᠠᠯᠢᠨ ᠳᠤ ᠨᠢ ᠴᠤ ᠳᠤᠷ᠎ᠠ ᠰᠤᠨᠢᠷᠬᠠᠯ ᠦᠭᠡᠶ᠂ ᠠᠯᠢᠨ ᠢ ᠨᠢ ᠴᠤ ᠰᠤᠷᠬᠤ ᠳᠤᠷᠠᠰᠢᠯ ᠦᠭᠡᠶ᠃ ᠵᠠᠷᠢᠮ ᠨᠢᠭᠡ ᠭᠢᠴᠢᠶᠠᠯ ᠲᠦᠷᠦᠯ ᠨᠢ ᠰᠤᠷᠤᠭᠴᠢᠳ ᠲᠤ ᠰᠠᠢ᠌ᠨ ᠶᠠᠭᠤᠮ᠎ᠠ ( ᠰᠠᠢ᠌ᠨ ᠰᠠᠢ᠌ᠬᠠᠨ ᠶᠢᠡᠷ ᠰᠤᠷᠬᠤ ᠵᠠᠩ ᠳᠠᠤᠠᠬᠠᠯ ) ᠰᠤᠷᠭᠠᠬᠤ ᠦᠭᠡᠶ᠂ ᠡᠷᠭᠢᠭᠡᠤᠨ ᠬᠠᠷᠢᠨ ᠰᠤᠷᠬᠤ ᠳᠤᠷ᠎ᠠ ᠦᠭᠡᠶ᠂ ᠰᠤᠨᠢᠷᠬᠠᠬᠤ ᠳᠠᠤᠠᠬᠠᠯ ᠦᠭᠡᠶ᠂ ᠠᠯᠵᠢᠭᠤ ᠬᠣᠢ᠌ᠷᠠᠭᠤ᠂ ᠠᠯᠠᠩ ᠰᠠᠯᠠᠩ ᠪᠣᠯᠭᠠᠬᠤ ᠵᠥᠭ᠌ ᠲᠤ ᠭᠦᠳᠦᠯᠵᠤ ᠪᠣᠢ᠃

ᠳᠠᠪᠣ᠂ ᠰᠤᠷᠬᠤ ᠪᠢᠴᠢᠭ᠌ ᠤᠨ ᠠᠰᠠᠭᠤᠳᠠᠯ᠃

ᠰᠤᠷᠬᠤ ᠪᠢᠴᠢᠭ᠌ ᠤᠨ ᠠᠭᠤᠯᠭ᠎ᠠ ᠵᠤᠭᠢᠰ ᠦᠭᠡᠶ᠂ ᠰᠤᠷᠴᠤ ᠰᠢᠩᠭᠡᠭᠡᠭᠦ ᠳᠤ ᠠᠰᠢᠭ ᠦᠭᠡᠶ ᠠᠭᠤᠯᠭ᠎ᠠ ᠭᠦᠡᠳᠤ᠂ ᠨᠠᠢ᠌ᠷᠠᠭᠤᠯᠭ᠎ᠠ ᠠᠨᠠᠢ᠂ ᠰᠤᠷᠤᠭᠴᠢᠳ ᠤᠨ ᠪᠣᠳᠠᠳᠤ ᠪᠠᠢ᠌ᠳᠠᠯ ᠳᠤ ᠨᠡᠢ᠌ᠴᠡᠭᠦ ᠦᠭᠡᠶ ᠪᠠᠭᠰᠢ ᠶᠢᠨ ᠵᠢᠭᠠᠬᠤ ᠠᠷᠭ᠎ᠠ ᠰᠠᠤᠠᠭᠢᠴᠠ ᠳᠤ ᠵᠤᠭᠢᠴᠠᠬᠤ ᠦᠭᠡᠶ ᠵᠢᠭᠠᠬᠤ ᠳᠤ ᠭᠦᠰᠢᠭᠦᠨ᠂ ᠰᠤᠷᠬᠤ ᠳᠤ 《ᠰᠤᠨᠢᠨ》 ᠰᠤᠷᠬᠤ ᠪᠠ ᠵᠢᠭᠠᠬᠤ ᠶᠢ ᠣᠶᠠᠯᠳᠤᠭᠤᠯᠬᠤ ᠳᠤ ᠳᠤᠭᠢᠷᠠᠬᠤ ᠦᠭᠡᠶ ᠵᠡᠷᠭᠡ ᠠᠰᠠᠭᠤᠳᠠᠯ ᠣᠷᠤᠰᠢᠵᠤ ᠪᠣᠢ᠃

ᠵᠢᠷᠭᠤᠭ᠎ᠠ᠂ ᠣᠳᠤᠷᠢᠳᠤᠯᠭ᠎ᠠ᠂ ᠵᠤᠬᠢᠶᠠᠨ ᠪᠠᠢ᠌ᠭᠤᠯᠤᠯᠳᠠ ᠶᠢᠨ ᠠᠰᠠᠭᠤᠳᠠᠯ᠃

ᠣᠳᠤᠷᠢᠳᠤᠯᠭ᠎ᠠ ᠵᠤᠬᠢᠶᠠᠨ ᠪᠠᠢ᠌ᠭᠤᠯᠤᠯᠳᠠ ᠡᠴᠡ ᠭᠦᠡᠳᠦᠦᠡᠭᠡᠵᠤ ᠥᠵᠡᠭᠦ ᠦᠭᠡᠶ᠂ ᠠᠩᠬᠠᠷᠤᠯ ᠳᠠᠭᠠᠨ ᠠᠪᠬᠤ ᠦᠭᠡᠶ᠂ ᠭᠡᠷᠡᠭ᠌ ᠪᠣᠯᠭᠠᠬᠤ ᠦᠭᠡᠶ᠂ ᠭᠡᠭᠡᠷ᠎ᠡ ᠰᠢᠯᠢ ᠳᠤ ᠬᠠᠶᠠᠴᠢᠬᠠᠬᠤ ᠭᠡᠨ ᠤ ᠡᠭᠦᠷᠭᠡ ᠭᠡᠨ ᠤ ᠬᠠᠷᠢᠭᠤᠴᠢᠯᠭ᠎ᠠ ᠭᠡᠰᠡᠨ ᠳᠤ ᠳᠤᠳᠤᠷᠬᠠᠢ ᠬᠠᠷᠢᠭᠤᠯᠳᠠ ᠦᠭᠡᠶ᠂ ᠳᠤᠭᠢᠷᠠᠭᠰᠠᠨ ᠠᠷᠭ᠎ᠠ ᠠᠪᠴᠢᠠᠯ ᠦᠭᠡᠶ᠃ ᠳᠤᠷ᠎ᠠ ᠪᠠᠷ ᠨᠢ ᠳᠠᠯᠪᠢᠵᠤ ᠳᠤᠬᠤ ᠪᠠᠷ ᠨᠢ ᠡᠷᠭᠢᠭᠦᠯᠭᠦ ᠵᠡᠷᠭᠡ᠁

ᠡᠳᠡᠭᠡᠷ ᠨᠢ ᠪᠦᠷ ᠰᠤᠷᠤᠭᠴᠢᠳ ᠤᠨ ᠭᠡᠯᠡ ᠰᠠᠤᠠᠭᠢᠴᠠ ᠶᠢ ᠨᠥᠯᠦᠭᠡᠯᠡᠵᠤ ᠥᠭᠡ ᠭᠡᠯᠡ ᠪᠠᠨ ᠰᠠᠢ᠌ᠨ ᠰᠤᠷᠬᠤ ᠶᠢ ᠰᠢᠭᠤᠳ ᠬᠠᠷᠰᠢᠯᠠᠵᠤ ᠪᠠᠢ᠌ᠭ᠎ᠠ ᠡᠯᠸᠮᠸᠨᠡᠲ᠋ ᠤᠳ ᠪᠣᠯᠤᠨ᠎ᠠ᠃ ᠮᠦᠨᠴᠤ ᠮᠠᠨ ᠤ ᠮᠤᠩᠭ᠋ᠤᠯ ᠭᠡᠯᠡᠨ ᠤ ᠵᠢᠭᠠᠠᠨ ᠰᠤᠷᠭᠠᠯᠳᠠ ᠶᠢ ᠨᠥᠯᠦᠭᠡᠯᠡᠵᠤ ᠬᠠᠷᠰᠢᠯᠠᠵᠤ ᠬᠠᠷᠰᠢᠯᠠᠬᠤ ᠣᠢ᠌ᠯᠠᠳᠤᠯ ᠥᠵᠡᠭᠦᠯᠵᠤ ᠪᠠᠢ᠌ᠭ᠎ᠠ ᠭᠤᠤᠯ ᠡᠯᠸᠮᠸᠨ᠋ᠲ᠋ ᠤᠳ ᠪᠣᠯᠤᠨ᠎ᠠ᠃

ᠮᠤᠩᠭ᠋ᠤᠯ ᠭᠡᠯᠡᠨ ᠤ ᠵᠢᠭᠠᠨ ᠰᠤᠷᠭᠠᠯᠳᠠ ᠶᠢᠨ ᠣᠳᠤᠭᠢ ᠪᠠᠢ᠌ᠳᠠᠯ ᠢ ᠥᠭᠡᠷᠡᠴᠢᠯᠡᠵᠤ ᠮᠤᠩᠭ᠋ᠤᠯ ᠭᠡᠯᠡᠨ ᠤ ᠵᠢᠭᠠᠨ ᠰᠤᠷᠭᠠᠯᠳᠠ ᠶᠢ ᠳᠡᠭ᠍ᠡᠭ᠍ᠰᠢᠯᠡᠭᠦᠯᠦᠶ᠎ᠡ ᠰᠠᠢ᠌ᠵᠠᠷᠠᠭᠤᠯᠤᠶ᠎ᠠ ᠭᠡᠪᠠᠯ᠂ ᠳᠡᠭᠡᠷᠡᠭᠢ ᠠᠰᠠᠭᠤᠳᠠᠯ ᠤᠳ ᠢ ᠠᠩᠬᠠᠷᠤᠯ ᠳᠠᠭᠠᠨ ᠠᠪᠴᠤ ᠵᠠᠰᠠᠨ ᠵᠥᠭ᠍ᠰᠢᠯᠡᠭᠦᠰᠢᠳᠡᠢ ᠪᠠᠢ᠌ᠨ᠎ᠠ᠃ ᠵᠠᠯᠠᠨ ᠠᠰᠯᠠᠭᠤᠰᠢᠳᠠᠢ ᠪᠠᠢ᠌ᠨ᠎ᠠ᠃ ᠵᠠᠮ ᠮᠦᠷ ᠶᠢᠡᠨ ᠴᠠᠪᠠᠷᠯᠠᠨ ᠳᠡᠭ᠍ᠰᠢᠯᠡᠭᠦᠰᠢᠳᠡᠢ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠠᠪ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3651
ᠴᠠᠭ᠄ 2011 ᠤᠨ ᠤ 09 ᠰᠠᠷ᠎ᠠ ᠶᠢᠨ 25