ᠡᠷ᠎ᠡ ᠭᠦᠮᠤᠨ ᠤ ᠨᠢᠯᠪᠣᠰᠤ

       1

ᠡᠷ᠎ᠡ ᠭᠦᠮᠤᠨ ᠣᠶᠠᠷᠠᠪᠠᠯ

ᠡᠭᠡ ᠳᠡᠯᠡᠭᠡᠢ ᠴᠠᠴᠠᠷᠠᠵᠤ

ᠠᠭᠤᠯᠠ ᠬᠠᠢ᠌ᠷᠬᠠᠤᠨ ᠰᠠᠵᠢᠯᠠᠳᠠᠭ

       2

ᠡᠷ᠎ᠡ ᠭᠦᠮᠤᠨ ᠤ ᠨᠢᠯᠪᠣᠰᠤᠨ ᠳᠤ

ᠣᠷᠴᠢᠬᠤ ᠣᠷᠴᠢᠯᠠᠩ ᠤᠨ

ᠵᠢᠮ᠎ᠠ ᠳᠠᠭᠠᠵᠤ ᠭᠦᠭᠡᠰᠦᠷᠡᠨ᠎ᠡ

       3

ᠡᠷ᠎ᠡ ᠭᠦᠮᠤᠨ ᠤ ᠨᠢᠯᠪᠣᠰᠤ

ᠠᠮᠠᠷᠬᠠᠨ ᠣᠷᠤᠰᠳᠠᠭ ᠦᠭᠡᠶ

ᠠᠮᠢᠳᠤᠷᠠᠯ ᠢ ᠳᠡᠪᠳᠦᠭᠡᠭᠦ ᠡᠴᠡ ᠪᠢᠰᠢ

ᠬᠤᠷᠮᠤᠢ ᠨᠤᠷᠭᠠᠳᠠᠭ ᠦᠭᠡᠶ

ᠬᠠᠢ᠌ᠷ᠎ᠠ ᠳᠤ ᠠᠭᠤᠰᠬᠤ ᠡᠴᠡ ᠪᠢᠰᠢ

ᠬᠠᠯᠠ ᠳᠤ ᠰᠢᠮᠡᠳᠭᠦ ᠦᠭᠡᠶ

       4

ᠡᠷ᠎ᠡ ᠭᠦᠮᠤᠨ ᠤ ᠨᠢᠯᠪᠣᠰᠤ

ᠵᠠᠷᠢᠮ ᠳᠤ ᠪᠠᠨ

ᠰᠡᠭᠦᠷᠡᠰᠤ ᠪᠣᠯᠵᠤ ᠬᠠᠩᠭᠢᠨᠠᠳᠠᠭ

ᠵᠠᠷᠢᠮ ᠳᠤ ᠪᠠᠨ

ᠢᠨᠢᠶᠠᠳᠤ ᠪᠣᠯᠵᠤ ᠵᠠᠩᠭᠢᠷᠠᠳᠠᠭ

ᠪᠠᠰᠠ

ᠳᠠᠭᠤᠤ ᠪᠣᠯᠵᠤ ᠰᠥᠭᠡᠩᠭᠡᠢ᠌ᠳᠦᠨ᠎ᠡ

ᠪᠠᠰᠠ

ᠠᠮᠢᠳᠤᠷᠠᠯ ᠪᠣᠯᠵᠤ ᠴᠠᠯᠠᠭᠠᠷᠠᠨ᠎ᠠ

ᠪᠠᠰᠠ

ᠤᠢ᠌ᠳᠬᠠᠷ ᠪᠣᠯᠵᠤ ᠣᠴᠠᠭᠠᠷᠳᠠᠨ᠎ᠠ

       5

ᠡᠷ᠎ᠡ ᠭᠦᠮᠤᠨ ᠤ ᠨᠢᠯᠪᠣᠰᠤ

ᠦᠷᠤᠪᠳᠤᠯ ᠭᠡᠷᠡᠭ᠍ᠰᠡᠭᠦ ᠦᠭᠡᠶ

ᠥᠭᠡᠡᠴᠡ ᠵᠠᠯᠢᠬᠠᠢ ᠭᠦᠮᠦᠰ ᠤᠨ

ᠥᠭᠡ ᠭᠡᠯᠡᠨ ᠳᠤ ᠬᠤᠷᠢᠭᠯᠠᠭᠳᠠᠬᠤ ᠦᠭᠡᠶ

ᠦᠪ ᠥᠨᠡᠡᠴᠢᠭᠡᠨ

ᠵᠢᠷᠦᠭᠡ ᠰᠡᠳᠭᠢᠯ ᠤᠨ

ᠴᠤᠭᠢᠯᠭ᠎ᠠ ᠡᠵᠡᠮᠳᠡᠨ᠎ᠡ

        6

ᠡᠷ᠎ᠡ ᠭᠦᠮᠤᠨ ᠤ ᠨᠢᠯᠪᠣᠰᠤᠨ ᠡᠴᠡ

ᠡᠮᠡᠭᠡᠯᠳᠤ ᠮᠤᠷᠢ ᠴᠤ ᠦᠷᠭᠦᠨ᠎ᠡ

ᠳᠤᠯᠭᠠᠷᠠᠵᠤ ᠢᠷᠡᠭ᠍ᠰᠡᠨ ᠭᠦᠴᠢᠷᠳᠡᠯ ᠴᠤ

ᠳᠠᠭᠵᠢᠵᠤ ᠬᠣᠢ᠌ᠰᠢ ᠣᠬᠤᠷᠢᠨ᠎ᠠ

ᠥᠩᠭᠡᠷᠡᠵᠤ ᠣᠳᠤᠭᠰᠠᠨ ᠳᠡᠦᠭᠡᠨ ᠡᠴᠡ

ᠰᠤᠷᠭᠠᠮᠵᠢ ᠳᠡᠭᠦᠵᠤ ᠳᠠᠢ᠌ᠪᠣᠰᠢᠷᠠᠨ᠎ᠠ

        7

ᠡᠷ᠎ᠡ ᠭᠦᠮᠤᠨ ᠣᠶᠠᠷᠠᠪᠠᠯ

ᠥᠩᠭᠡᠰᠢᠭ᠌ ᠪᠠᠢ᠌ᠭᠠᠯᠢ ᠴᠤ ᠭᠡᠰᠡᠨ

ᠡᠯᠡᠰᠤᠨ ᠰᠢᠭᠤᠷᠭ᠎ᠠ ᠪᠠᠷ ᠣᠭᠢᠯᠠᠨ᠎ᠠ

       8

ᠡᠷ᠎ᠡ ᠭᠦᠮᠤᠨ ᠤ ᠨᠢᠯᠪᠣᠰᠤ

ᠦᠨ᠎ᠡ ᠴᠠᠨ᠎ᠠ ᠬᠠᠶᠠᠯᠴᠠᠬᠤ ᠦᠭᠡᠶ

ᠴᠢ᠂ ᠡᠰᠡᠭᠦᠯ᠎ᠡ ᠪᠢ

ᠡᠷ᠎ᠡ ᠭᠦᠮᠤᠨ ᠮᠦᠨ ᠪᠣᠯ

ᠳᠤᠰᠤᠯ ᠨᠢᠯᠪᠣᠰᠤ ᠪᠠᠨ

ᠲᠦᠮᠡᠨ ᠳᠦᠭᠦᠷᠢᠭ᠌ ᠶᠢᠡᠷ ᠬᠤᠳᠠᠯᠳᠤᠬᠤ ᠦᠭᠡᠶ

       9

ᠡᠷ᠎ᠡ ᠭᠦᠮᠤᠨ ᠤ ᠨᠢᠯᠪᠣᠰᠤ

ᠵᠠᠷᠢᠮ ᠳᠠᠭᠠᠨ

ᠳᠤᠭᠳᠤᠯᠤᠯ ᠪᠣᠯᠵᠤ ᠠᠰᠬᠠᠷᠠᠨ᠎ᠠ

ᠵᠠᠷᠢᠮ ᠳ᠋ᠭᠠᠨ

ᠣᠮᠤᠭᠰᠢᠯ ᠪᠣᠯᠵᠤ ᠭᠦᠷᠭᠢᠷᠡᠨ᠎ᠡ

ᠪᠠᠰᠠ

ᠠᠢ᠌ᠷᠠᠭ ᠪᠣᠯᠵᠤ ᠴᠠᠯᠭᠢᠯᠠᠨ᠎ᠠ

ᠪᠠᠰᠠ

ᠨᠠᠢ᠌ᠷᠠᠭ ᠪᠣᠯᠵᠤ ᠣᠶᠠᠩᠭ᠋ᠠᠷᠠᠨ᠎ᠠ

ᠪᠠᠰᠠ

ᠵᠢᠷᠭᠠᠯ ᠪᠣᠯᠵᠤ ᠳᠤᠶᠠᠭᠠᠷᠠᠨ᠎ᠠ

       10

ᠡᠷ᠎ᠡ ᠭᠦᠮᠤᠨ ᠤ ᠨᠢᠯᠪᠣᠰᠤ

ᠰᠡᠳᠭᠢᠯ ᠤᠨ ᠳᠡᠭ᠍ᠷᠢ ᠳᠤ ᠪᠠᠨ

ᠪᠦᠷᠭᠦᠢᠵᠤ

ᠵᠢᠷᠦᠭᠡᠨ ᠳᠡᠭᠡᠷ᠎ᠡ ᠪᠠᠨ ᠴᠢᠳᠬᠤᠯᠠᠨ᠎ᠠ

       11

ᠡᠷ᠎ᠡ ᠭᠦᠮᠤᠨ ᠤ ᠨᠢᠯᠪᠣᠰᠤ

ᠥᠭᠡᠡᠴᠡ ᠳᠤᠷᠤᠢ ᠶᠢᠨ ᠢᠯᠠᠷᠠᠯ ᠪᠢᠰᠢ

ᠳᠡᠮᠵᠢᠯᠭᠡ ᠭᠦᠰᠡᠭ᠍ᠰᠡᠨ ᠭᠤᠷᠢᠳᠠᠯ ᠪᠢᠰᠢ

ᠠᠭᠤᠴᠢᠯᠠᠯ ᠡᠷᠢᠭ᠍ᠰᠡᠨ ᠭᠤᠶᠤᠳᠠᠯ ᠪᠢᠰᠢ

ᠠᠮᠢᠳᠤᠷᠠᠯ ᠳᠤ ᠳᠦᠪᠠᠭ᠍ᠳᠡᠭ᠍ᠰᠡᠨ ᠶᠠᠳᠠᠷᠠᠯ ᠪᠢᠰᠢ

ᠠᠭᠤᠷ ᠣᠴᠠᠭᠠᠷ ᠤᠨ ᠭᠤᠨᠢᠶᠠᠯ ᠪᠢᠰᠢ

       12

ᠡᠷ᠎ᠡ ᠭᠦᠮᠤᠨ ᠤ ᠨᠢᠯᠪᠣᠰᠤ

ᠦᠨᠡᠠᠴᠢ ᠰᠡᠳᠭᠢᠯ ᠤᠨ ᠳᠤᠭᠳᠤᠯᠤᠯ ᠮᠦᠨ

ᠥᠶᠡᠷᠭᠡᠯ ᠬᠠᠢ᠌ᠷ᠎ᠠ ᠶᠢᠨ ᠦᠷᠤᠪᠳᠠᠰᠤ ᠮᠦᠨ

ᠭᠦᠮᠤᠨ ᠳᠦᠷᠤᠯᠭᠢᠳᠠᠨ ᠤ ᠵᠢᠷᠦᠭᠡ ᠮᠦᠨ

ᠭᠦᠰᠡᠷᠳᠡᠯ ᠭᠠᠴᠢᠭᠳᠠᠯ ᠤᠨ ᠬᠠᠰᠭᠢᠷᠤᠯ ᠮᠦᠨ

ᠶᠠᠳᠠᠷᠠᠭᠰᠠᠨ ᠵᠠᠶᠠᠭᠠᠨ ᠤ ᠳᠠᠢ᠌ᠪᠣᠰᠢᠷᠠᠯ ᠶᠤᠮ ᠡ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠬᠠᠷᠢᠶ᠎ᠠ᠄ ᠰᠢᠯᠦᠭ
ᠳᠠᠷᠤᠮ᠄ 2137
ᠴᠠᠭ᠄ 2011 ᠤᠨ ᠤ 05 ᠰᠠᠷ᠎ᠠ ᠶᠢᠨ 10