ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ

ᠰᠠᠢ᠌ᠬᠠᠨ ᠬᠠᠨ ᠤ ᠮᠤᠳᠤᠳ ᠠᠭᠤᠯᠠᠰ ᠶᠢᠡᠨ ᠴᠢᠮᠠᠨ ᠣᠯᠠᠢ᠌ᠵᠤ  

ᠰᠠᠨᠠᠭ᠎ᠠ ᠳᠡᠯᠢᠭ᠍ᠰᠡᠨ ᠨᠤᠳᠤᠭ ᠤᠨ ᠪᠠᠷ᠎ᠠ ᠨᠢᠳᠤᠨ ᠪᠠᠷ᠎ᠠ ᠴᠡᠯᠮᠡᠢ᠌ᠭ᠍ᠰᠡᠨ

ᠭᠤᠷᠪᠠᠨ ᠭᠤᠤᠯ ᠤᠨ ᠣᠰᠤ ᠨᠢ ᠬᠤᠨ ᠤ ᠳᠠᠭᠤ ᠳᠠᠢ ᠮᠢᠷᠠᠯᠵᠠᠵᠤ

ᠭᠤᠸ᠎ᠠ ᠡᠷᠢᠶᠡᠨ ᠴᠡᠴᠡᠭᠡᠰ ᠵᠥᠭᠡᠯᠡᠨ ᠵᠡᠷᠭᠡᠯᠭᠡᠨ ᠳᠤ ᠦᠷᠡᠯᠡᠭ᠍ᠰᠡᠨ

ᠪᠠᠰᠠ ᠨᠢᠭᠡ ᠰᠠᠢ᠌ᠬᠠᠨ ᠨᠠᠮᠤᠷ  ᠮᠢᠨᠤ ᠪᠠᠭᠠᠷᠢᠨ ᠳᠤ ᠢᠷᠠᠯ᠎ᠠ


ᠳᠦᠷᠦᠭᠡ ᠰᠢᠭᠦᠷᠡᠮ᠎ᠡ ᠬᠠᠳᠤᠯᠠᠩ  ᠮᠠᠰᠢᠨ ᠤ ᠳᠠᠭᠤᠨ ᠳᠤ ᠨᠠᠯᠠᠷᠠᠵᠤ

ᠠᠭᠤᠯᠠ ᠰᠢᠭ᠌ ᠡᠪᠠᠰᠤᠨ ᠴᠤᠪᠣᠭ᠎ᠠ ᠡᠪᠦᠯᠵᠢᠶᠡᠨ ᠵᠥᠭ᠌ ᠨᠡᠭᠦᠭ᠍ᠰᠡᠨ

ᠳᠠᠷᠭᠤᠨ ᠬᠤᠨᠢᠳ ᠤᠨ ᠳᠡᠭᠡᠭᠦᠷ ᠳᠤᠰᠤ ᠲᠡᠶ ᠵᠢᠪᠠᠷ ᠢᠯᠪᠢᠵᠤ

ᠳᠠᠪᠤᠨ ᠳᠠᠷᠢᠶᠠᠨ ᠤ ᠵᠤᠷᠬ᠎ᠠ ᠪᠠᠷ ᠰᠢᠷᠭᠠᠯ ᠪᠣᠳᠤᠭ ᠨᠢ ᠰᠢᠪᠠᠷᠡᠭ᠍ᠰᠡᠨ

ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ


ᠰᠠᠷᠠᠨ ᠤ ᠮᠥᠩᠭᠦᠨ ᠳᠤᠶᠠᠭ᠎ᠠ ᠨᠢ ᠢᠷᠠᠭᠤ ᠨᠠᠢ᠌ᠷᠠᠭ ᠶᠢᠡᠷ ᠳᠤᠭᠳᠤᠯᠵᠤ

ᠮᠢᠩᠭ᠋ᠠᠨ ᠭᠠᠵᠠᠷ ᠤᠨ ᠮᠦᠷᠦᠭᠡᠳᠦᠯ ᠭᠤᠯᠢᠶ᠎ᠠ ᠶᠢᠨ ᠳᠠᠭᠤᠨ ᠶᠢᠡᠷ ᠣᠢ᠌ᠯᠠᠭᠰᠠᠨ

ᠰᠠᠢ᠌ᠬᠠᠨ ᠭᠦᠷᠡᠩ ᠵᠢᠮᠢᠰ ᠨᠢ ᠦᠳᠡᠰᠢ ᠪᠠᠨ ᠭᠦᠡᠳᠤᠨ ᠣᠨᠠᠯᠴᠠᠵᠤ

ᠰᠠᠷᠠᠭᠤᠯ ᠢᠷᠡᠭᠡᠳᠦᠢ ᠶᠢᠨ ᠵᠡᠭᠦᠳᠤ ᠠᠯᠳᠠᠨ ᠰᠢᠷᠤᠢ ᠳᠤ ᠨᠢ ᠮᠠᠨᠠᠭᠳᠠᠭᠰᠠᠨ

ᠪᠠᠰᠠ ᠨᠢᠭᠡ ᠰᠠᠢ᠌ᠬᠠᠨ ᠨᠠᠮᠤᠷ ᠮᠢᠨᠤ ᠪᠠᠭᠠᠷᠢᠨ ᠳᠤ ᠢᠷᠠᠯ᠎ᠠ


ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1647
ᠴᠠᠭ᠄ 2011 ᠤᠨ ᠤ 09 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ