ᠳᠡᠭᠡᠳᠤ ᠮᠤᠩᠭ᠋ᠤᠯ ᠤᠨ ᠢᠨᠠᠭ ᠳᠠᠭᠤᠯᠠᠯ

《ᠳᠡᠭᠡᠳᠤ ᠮᠤᠩᠭ᠋ᠤᠯ ᠢᠨᠠᠭ ᠲ᠋ᠠᠭᠤᠯᠠᠯ》᠊ᠤᠨ

ᠪᠠᠳᠠᠭ ᠪᠦᠷᠢ ᠳ᠋ᠤᠨᠢ ᠬᠠᠢ᠌ᠷ᠎ᠠ ᠴᠡᠯᠭᠡᠷᠡᠵᠤ

ᠪᠠᠭᠯᠠᠭ᠎ᠠ ᠴᠡᠴᠡᠭ᠌ ᠤᠨ ᠦᠨᠦᠷ ᠠᠩᠭᠢᠯᠠᠵᠤ

ᠪᠠᠬᠠᠷᠠᠯ ᠪᠢᠰᠢᠷᠠᠯ ᠤᠨ ᠣᠷᠢᠶ᠎ᠠ ᠬᠠᠩᠭᠢᠨᠠᠵᠤ

ᠪᠠᠭ᠎ᠠ ᠵᠠᠯᠠᠭᠤᠰ ᠤᠨ ᠬᠤᠷᠤᠬᠠᠢ ᠪᠣᠴᠠᠯᠭᠠᠨ᠎ᠠ᠃


1


ᠰᠤᠯᠢ ᠶᠢᠨ ᠨᠤᠭᠤᠭᠠᠨ ᠰᠤᠶᠤᠭᠠᠯᠠᠭᠠᠤᠨ

ᠰᠤᠷᠠᠭ ᠢ ᠨᠢ ᠰᠤᠨᠤᠰᠤᠭᠠᠤᠨ ᠣᠶᠠᠷᠠᠨ᠎ᠠ

ᠵᠠᠮ ᠤᠨ ᠨᠤᠭᠤᠭᠠᠨ ᠵᠠᠩᠭᠢᠷᠠᠭᠠᠤᠨ

ᠵᠠᠭᠢᠳᠠᠯ ᠢ ᠨᠢ ᠥᠵᠡᠭᠡᠤᠨ ᠣᠶᠠᠷᠠᠨ᠎ᠠ

ᠭᠠᠵᠠᠷ ᠤᠨ ᠬᠤᠯᠠ ᠴᠤ ᠭᠠᠢ᠌ᠭᠤᠢ ᠪᠣᠢ

ᠭᠠᠭᠴᠠᠭᠠᠷ ᠵᠤᠯᠭᠠᠨ᠎ᠠ ᠯᠠ ᠭᠡᠴᠡᠭᠦᠤ ᠪᠣᠢ

ᠨᠤᠳᠤᠭ ᠤᠨ ᠬᠤᠯᠠ ᠴᠤ ᠭᠠᠢ᠌ᠭᠤᠢ

ᠨᠢᠭᠤᠴᠠ ᠪᠠᠷ ᠵᠤᠯᠭᠠᠨ᠎ᠠ ᠯᠠ ᠭᠡᠴᠡᠭᠦᠤ ᠪᠣᠢ

ᠴᠠᠰᠤᠳᠠᠢ ᠴᠠᠭᠠᠨ ᠠᠭᠤᠯᠠ ᠨᠢ

ᠴᠠᠢ᠌ᠳᠠᠮ ᠨᠤᠳᠤᠭ ᠤᠨ ᠡᠭᠢᠨ ᠪᠣᠢ

ᠴᠠᠭᠢᠭᠤᠷ ᠴᠠᠭᠠᠨ ᠰᠢᠳᠤ ᠴᠢᠨᠢ

ᠴᠡᠭᠡᠵᠢᠨ ᠤ ᠮᠢᠨᠢ ᠵᠢᠷᠭᠠᠯ ᠪᠣᠢ᠂᠂


2


ᠥᠵᠦᠭᠦᠷ ᠬᠠᠳᠠᠨ ᠤ ᠢᠷᠤᠭᠠᠷ

ᠥᠭᠡᠷ ᠮᠠᠯ ᠮᠢᠨᠢ ᠳᠤᠭᠳᠠᠨ᠎ᠠ

ᠦᠨᠡᠨ ᠴᠢᠮᠢ᠋ᠢ ᠪᠠᠨ ᠭᠡᠭᠦ ᠳ᠋ᠤ

ᠣᠢ᠌ᠯᠠ ᠪᠠᠨ ᠭᠢᠭᠦ ᠪᠠᠨ ᠮᠠᠷᠳᠠᠯ᠎ᠠ

ᠳᠠᠷᠠ ᠬᠠᠳᠠᠨ ᠤ ᠬᠤᠷᠮᠤᠢ ᠳ᠋ᠤ

ᠳᠡᠮᠡᠭᠡᠨ ᠮᠠᠯ ᠮᠢᠨᠢ ᠳᠤᠭᠳᠠᠨ᠎ᠠ

ᠳᠠᠨᠢᠯ ᠴᠢᠮᠢ᠋ᠢ ᠪᠠᠨ ᠭᠡᠭᠦ ᠳ᠋ᠤ

ᠳᠠᠰᠤᠵᠤ ᠳᠤᠭᠳᠠᠬᠤ ᠪᠠᠨ ᠪᠠᠢ᠌ᠯ᠎ᠠ

ᠠᠷᠤ ᠵᠢᠨ ᠠᠭᠤᠯᠠ ᠶᠢᠨ ᠬᠤᠷᠮᠤᠢ ᠳ᠋ᠤ

ᠠᠳᠤᠭᠤ ᠮᠠᠯ ᠮᠢᠨᠢ ᠳᠤᠭᠳᠠᠨ᠎ᠠ

ᠠᠮᠠᠷᠠᠭ ᠴᠢᠮᠢ᠋ᠢ ᠪᠠᠨ ᠭᠡᠭᠦ ᠳᠤ

ᠠᠵᠢᠯ ᠶᠢᠡᠨ ᠭᠢᠭᠦ ᠪᠠᠨ ᠮᠠᠷᠳᠠᠯ᠎ᠠ

ᠦᠶᠡᠷ ᠤᠨ ᠣᠯᠠᠭᠠᠨ ᠣᠰᠤ ᠵᠢ

ᠦᠶᠡᠳᠤ ᠪᠠᠷ ᠪᠣᠭᠤᠵᠤ ᠪᠣᠯᠳᠠᠭ ᠪᠣᠢ

ᠦᠨᠡᠨ ᠰᠠᠤᠠᠭᠢᠯᠳᠤ ᠬᠤᠶᠠᠷ ᠢ

ᠥᠭᠡ ᠪᠠᠷ ᠪᠣᠭᠤᠵᠤ ᠪᠣᠯᠳᠠᠭ ᠪᠣᠢ᠂᠂


3


ᠰᠡᠷᠡᠭᠡ ᠳᠡᠮᠡᠭᠡ ᠶᠢ ᠰᠡᠭᠡᠯᠡᠭᠦᠯᠳᠡᠭ᠌

ᠰᠡᠷᠢᠭᠦᠨ ᠳᠠᠯ᠎ᠠ ᠵᠢᠨ ᠭᠦᠳᠡᠭᠡ ᠪᠣᠢ

ᠰᠠᠤᠠᠭᠢᠯ ᠰᠠᠨᠠᠭ᠎ᠠ ᠶᠢ ᠣᠶᠠᠷᠠᠭᠤᠯᠳᠠᠭ

ᠰᠠᠳᠠᠷ ᠬᠤᠩᠭ᠋ᠤᠷ ᠤᠨ ᠣᠷᠰᠢᠭ ᠪᠣᠢ

ᠠᠳᠠᠨ ᠳᠡᠮᠡᠭᠡ ᠶᠢ ᠠᠯᠬᠠᠭᠤᠯᠳᠠᠭ

ᠠᠯᠠᠭ ᠴᠠᠢ᠌ᠳᠠᠮ ᠤᠨ ᠱᠠᠯᠠ ᠪᠣᠢ

ᠠᠮᠤᠷ ᠪᠠᠶ᠎ᠠ ᠶᠢ ᠵᠤᠪᠠᠭᠠᠳᠠᠭ

ᠠᠮᠠᠷᠠᠭ ᠬᠤᠩᠭ᠋ᠤᠷ ᠤᠨ ᠣᠷᠰᠢᠭ ᠪᠣᠢ

ᠪᠣᠤᠷᠠᠨ ᠳᠡᠮᠡᠭᠡ ᠪᠦᠩᠭᠦᠯᠦᠭᠦᠯᠳᠡᠭ

ᠪᠣᠷᠤᠯᠵᠢ ᠰᠢᠷᠠᠯᠵᠢ ᠶᠢᠨ ᠮᠠᠩᠬ᠎ᠠ ᠪᠣᠢ

ᠪᠣᠳᠤᠯ ᠰᠠᠨᠠᠭ᠎ᠠ ᠶᠢ ᠥᠢᠮᠡᠷᠡᠭᠦᠯᠳᠡᠭ᠌

ᠪᠢᠴᠢᠬᠠᠨ ᠬᠤᠩᠭ᠋ᠤᠷ ᠤᠨ ᠣᠷᠰᠢᠭ ᠪᠣᠢ᠂᠂


4


ᠬᠠᠭᠤᠷᠠᠢ ᠮᠤᠳᠤᠨ ᠳᠤ ᠨᠠᠪᠴᠢ ᠥᠭᠡᠢ

ᠬᠤᠷᠤᠭ ᠤᠨ ᠮᠠᠨᠤᠰ ᠲᠤ ᠢᠯᠭᠠᠯ ᠥᠭᠡᠢ

ᠽᠠᠠᠳᠠᠨ ᠮᠤᠳᠤᠨ ᠳᠤ ᠵᠠᠯᠠᠭ᠎ᠠ ᠥᠭᠡᠢ

ᠵᠠᠯᠠᠭᠤ ᠮᠠᠨᠤᠰ ᠢᠯᠭᠠᠯ ᠥᠭᠡᠢ

ᠵᠡᠭᠦᠨ ᠠᠭᠤᠯᠠ ᠶᠢᠨ ᠣᠷᠤᠢ ᠳ᠋ᠤ

ᠵᠡᠭᠦᠳᠤᠨ ᠮᠡᠨᠡᠨ ᠳᠠᠳᠠᠨ᠎ᠠ

ᠵᠢᠷᠦᠭᠡᠨ ᠴᠡᠭᠡᠵᠢᠨ ᠬᠤᠶᠠᠷ ᠲᠤ

ᠡᠭᠦᠷ ᠤᠨ ᠵᠠᠯᠠᠭᠤᠰ ᠠᠳᠠᠯᠢᠬᠠᠨ

ᠪᠠᠷᠠᠭᠤᠨ ᠠᠭᠤᠯᠠ ᠶᠢᠨ ᠣᠷᠤᠢ ᠳ᠋ᠤ

ᠪᠠᠷᠠᠭᠠᠨ ᠮᠠᠨᠠᠨ ᠳᠠᠳᠠᠨ᠎ᠠ

ᠪᠠᠬᠠᠯᠠᠭᠤᠷ ᠴᠡᠭᠡᠵᠢᠨ ᠬᠤᠶᠠᠷ ᠳᠤ

ᠪᠠᠭ᠎ᠠ ᠵᠠᠯᠠᠭᠤᠰ ᠠᠳᠠᠯᠢᠬᠠᠨ︕

ᠵᠤᠬᠢᠶᠠᠭᠴᠢ᠄ ᠳᠦᠭᠦᠷᠰᠥ᠋ᠷᠦᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 7367
ᠴᠠᠭ᠄ 2007 ᠤᠨ ᠤ 11 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁