ᠬᠤᠯᠠᠨ ᠰᠢᠷᠭ᠎ᠠ ᠶᠢ ᠳᠤᠭᠤᠯᠤᠯ᠎ᠠ

   ᠠᠳᠤᠭᠤᠨ ᠤ ᠪᠠᠨ ᠪᠠᠯᠴᠢᠭᠡᠷ ᠭᠡᠵᠤ

   ᠠᠪᠣ ᠶᠢᠨ ᠶᠢᠡᠨ ᠨᠤᠳᠤᠭ ᠭᠡᠵᠤ

   ᠠᠯᠳᠠᠨ ᠰᠢᠷᠭᠠᠯ ᠊᠊᠊᠊᠊᠊᠊᠊᠊᠊᠊᠊᠊᠊᠊

   ᠬᠤᠯᠠᠨ ᠰᠢᠷᠭ᠎ᠠ ᠶᠢᠨ ᠡᠯᠡᠰᠤ ᠵᠢ

   ᠠᠩᠭ᠋ᠠᠭᠰᠠᠨ ᠪᠣᠳᠤᠯ

   ᠴᠠᠩᠭ᠋ᠠᠭᠰᠠᠨ ᠳᠠᠪᠭᠢᠭ᠎ᠠ ᠪᠠᠷ

   ᠳᠤᠭᠤᠯᠵᠤ ᠥᠩᠭᠡᠷᠡᠭᠦ ᠳ᠋ᠤ

   ᠡᠭᠦᠯᠡᠨ ᠤ ᠭᠤᠭᠴᠤᠭ᠎ᠠ ᠵᠠᠳᠠᠷᠠᠭᠰᠠᠨ ᠪᠠᠢ᠌ᠵᠤ

   ᠡᠪᠠᠰᠤᠨ ᠤ ᠦᠨᠦᠷ ᠬᠤᠷᠰᠢᠭᠰᠠᠨ ᠪᠠᠢ᠌ᠵᠤ

   ᠡᠯᠦᠢ᠂ ᠡᠵᠡᠭᠦᠢ ᠶᠢᠨ ᠳᠤᠮᠳᠠ ᠡᠴᠠ

   ᠡᠯᠢᠶ᠎ᠡ ᠰᠢᠪᠠᠭᠤᠨ ᠤ ᠰᠡᠭᠦᠳᠡᠷ

   ᠴᠢᠩᠭᠢᠰ ᠴᠢᠩᠭᠢᠰ ᠳᠤᠭᠤᠯᠳᠠᠨ᠎ᠠ᠃

   ᠨᠤᠭᠤᠭᠠᠨ ᠪᠦᠷᠢᠳᠤ ᠶᠢᠨ ᠵᠠᠬ᠎ᠠ ᠳ᠋ᠤ

   ᠨᠤᠯᠮᠤᠵᠤ ᠵᠢᠭ᠍ᠰᠢᠮᠡᠷ ᠴᠦᠯ ᠴᠤ

   ᠮᠤᠩᠭ᠋ᠤᠯ ᠨᠠᠷ᠎ᠠ ᠲᠡᠶ ᠪᠣᠯᠬᠤᠷ ᠨᠢ

   ᠮᠥᠯᠭᠦᠵᠤ ᠪᠠᠢ᠌ᠭᠠᠤᠨ ᠴᠤ ᠳᠤᠭᠤᠯᠬᠤ

   ᠮᠦᠰᠤ ᠬᠠᠳᠠᠭᠤ ᠵᠤᠷᠢᠭ ᠤᠨ

   ᠮᠦᠴᠢᠷ ᠪᠣᠯᠭᠠᠨ ᠳ᠋ᠤᠨᠢ

   ᠨᠠᠷᠠ ᠵᠢᠮᠢᠰᠯᠡᠭ᠍ᠰᠡᠨ ᠪᠠᠢ᠌ᠵᠤ

   ᠨᠠᠢ᠌ᠷᠠᠭ ᠣᠯᠠᠢ᠌ᠭᠰᠠᠨ ᠪᠠᠢ᠌ᠵᠤ

   ᠬᠤᠯᠠᠨ ᠰᠢᠷᠭ᠎ᠠ ᠶᠢᠨ ᠡᠯᠡᠰᠤ ᠵᠢ

   ᠬᠤᠷᠳᠤᠴᠠ ᠬᠠᠷᠢᠬᠤ ᠥᠭᠡᠢ

   ᠰᠢᠪᠠᠭᠤᠨ ᠵᠢᠭᠦᠷᠳᠡᠢ ᠳᠤᠭᠤᠯᠤᠯ᠎ᠠ

   ᠰᠢᠯᠦᠭ᠌ ᠤᠨ ᠠᠢ᠌ᠵᠠᠮ ᠶᠢᠡᠷ ᠳᠤᠭᠤᠯᠤᠯ᠎ᠠ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠵᠡᠭᠦᠨ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠬᠠᠷᠢᠶ᠎ᠠ᠄ ᠰᠢᠯᠦᠭ
ᠳᠠᠷᠤᠮ᠄ 1916
ᠴᠠᠭ᠄ 2011 ᠤᠨ ᠤ 04 ᠰᠠᠷ᠎ᠠ ᠶᠢᠨ 15