ᠬᠠᠪᠣᠷ ᠤᠨ ᠬᠠᠯᠭᠢᠶ᠎ᠠ

ᠴᠠᠷᠴᠠᠭᠰᠠᠨ ᠡᠪᠦᠯ ᠵᠤᠪᠴᠠᠭ᠎ᠠ ᠪᠠᠨ ᠳᠠᠢ᠌ᠯᠠᠷᠤᠨ

ᠴᠠᠰᠤᠮᠠᠭ ᠶ‍ᠢᠷᠳᠢᠠᠴᠤ ᠨᠥᠮᠦᠷᠭᠡ ᠪᠠᠨ ᠰᠤᠯᠢᠷᠤᠨ

ᠬᠠᠨ ᠳᠡᠯᠡᠭᠡᠢ ᠬᠠᠯᠠᠭᠤᠨ ᠠᠮᠢᠰᠬᠤᠯ ᠳᠤ ᠪᠦᠯᠢᠶᠡᠰᠦᠷᠤᠨ

ᠬᠠᠯᠭᠢᠯᠠᠨ ᠨᠠᠭᠠᠰᠢᠯᠠᠭ᠎ᠠ ᠬᠠᠪᠣᠷ ᠶᠢᠡᠨ ᠣᠭᠳᠤᠷᠤᠨ


ᠬᠠᠷᠠᠭᠴᠢᠨ ᠮᠤᠭᠠᠢ ᠨᠣᠢ᠌ᠷ ᠡᠴᠠ ᠪᠠᠨ ᠰᠠᠷᠢᠷᠤᠨ

ᠬᠠᠭᠳᠠ ᠶᠢᠨ ᠦᠨᠳᠦᠰᠦ ᠬᠠᠢ᠌ᠯ ᠰᠢᠮᠠᠷᠤᠨ

ᠭᠦᠭᠡᠷᠦᠭᠦᠨ ᠲᠦᠯ ᠳᠤᠭᠯᠠᠨ ᠮᠠᠢ᠌ᠯᠠᠷᠤᠨ

ᠬᠠᠢ᠌ᠷᠠᠬᠠᠨ ᠬᠠᠪᠣᠷ ᠴᠠᠯᠭᠢᠯᠠᠨ ᠠᠢ᠌ᠰᠤᠢ


ᠣᠷᠠᠨ ᠪᠣᠯᠵᠤᠮᠤᠷ ᠵᠢᠷᠭᠢᠨ ᠳᠠᠪᠳᠠᠷᠤᠨ

ᠣᠶᠠᠬᠠᠨ ᠰᠡᠳᠭᠢᠯ ᠣᠶᠠᠰᠤᠨ ᠪᠠᠶᠠᠰᠤᠷᠤᠨ

ᠠᠮᠢᠵᠢᠷᠠᠯ ᠤᠨ ᠳᠤᠯᠭᠢᠶᠠᠨ ᠣᠢ᠌ᠯᠤᠨ ᠴᠣᠢ᠌ᠯᠤᠷᠤᠨ

ᠣᠷᠢᠨ ᠳᠤᠯᠠᠭᠠᠨ ᠬᠠᠴᠠᠷ ᠢᠯᠪᠢᠷᠤᠨ


ᠭᠤᠪᠠᠢ ᠬᠠᠪᠣᠷ ᠭᠤᠩᠬᠠᠨ ᠰᠠᠭᠠᠳᠠᠷᠤᠨ

ᠭᠤᠯᠭᠤᠢ ᠴᠡᠴᠡᠭ᠌ ᠵᠡᠭᠦᠳᠤᠨ ᠳᠤ ᠳᠡᠯᠭᠡᠷᠤᠨ

ᠡᠮᠵᠡᠭ᠍ᠳᠤ ᠵᠢᠷᠦᠭᠡ ᠭᠦᠡᠳᠦᠭᠦᠷᠢ ᠡᠴᠠ ᠠᠩᠭᠢᠵᠢᠷᠤᠨ

ᠡᠭᠡᠯᠢᠳᠤ ᠮᠦᠴᠡ ᠳᠤ ᠭᠦᠰᠡᠯ ᠨᠠᠢ᠌ᠳᠠᠷᠤᠨ


ᠬᠠᠨᠠᠭᠠᠷ ᠳᠡᠯᠡᠭᠡᠢ ᠳᠡᠭᠡᠨ ᠢᠪᠠᠭᠡᠯᠳᠡᠢ᠌ᠭᠡᠨ

ᠬᠠᠷᠠᠴᠤ ᠠᠷᠠᠤᠨ ᠲᠠᠭᠠᠨ ᠳᠠᠭᠠᠯᠠᠮᠵᠢᠳᠠᠢ᠌ᠬᠠᠨ

ᠬᠠᠮᠤᠭ ᠠᠮᠢᠳᠠᠨ ᠳᠠᠭᠠᠨ ᠵᠤᠭᠢᠯᠳᠠᠢ᠌ᠬᠠᠨ

ᠬᠠᠩᠭᠢ ᠰᠠᠢ᠌ᠬᠠᠨ ᠵᠢᠯ ᠪᠣᠯᠤᠭᠠᠰᠠᠢ ︕


ᠣᠯᠠᠷᠢᠯ ᠣᠯᠠᠷᠢᠯ ᠳᠠᠭᠠᠨ ᠨᠥᠮᠵᠦᠭ᠍ᠭᠡᠨ

ᠭᠦᠮᠤᠨ ᠪᠠᠢ᠌ᠭᠠᠯᠢ ᠳᠠᠭᠠᠨ ᠡᠶᠡᠰᠡᠭ᠍ᠭᠡᠨ

ᠴᠠᠭ ᠴᠠᠭ ᠲᠠᠭᠠᠨ ᠳᠠᠢ᠌ᠪᠣᠭᠤᠬᠠᠨ

ᠠᠵᠠ ᠵᠢᠷᠭᠠᠯᠳᠠᠢ ᠯᠠ ᠪᠠᠢ᠌ᠯᠭᠠᠰᠠᠢ ︕


2013 ᠣᠨ ᠤ 2 ᠰᠠᠷ᠎ᠠ ᠵᠢᠨ 28 ᠊ᠤ ᠡᠳᠦᠷ



ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1791
ᠴᠠᠭ᠄ 2013 ᠤᠨ ᠤ 03 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ