ᠰᠠᠷᠠᠨ᠎ᠠ ᠴᠡᠴᠡᠭ᠌ ᠤᠨ ᠮᠠᠭᠳᠠᠭᠤ

ᠰᠠᠷᠠᠨ ᠳᠠᠭᠢᠨᠢ ᠮᠠᠳᠤ ᠰᠠᠷᠠᠨ᠎ᠠ

ᠰᠠᠯᠠᠭᠠᠯᠠᠨ ᠳᠡᠯᠭᠡᠷᠡᠨ ᠮᠠᠳᠠᠷᠠᠮᠤᠢ

ᠰᠠᠨᠠᠭᠠᠤᠨ ᠪᠠᠢ᠌ᠳᠠᠭ ᠨᠤᠳᠤᠭ ᠤᠨ

ᠰᠠᠷᠠᠯᠠᠩ ᠬᠤᠸᠠᠷ ᠨᠢ ᠠᠵᠤᠭᠤ

ᠰᠠᠯᠵᠤ ᠣᠳᠠᠭᠰᠠᠨ ᠪᠣᠯᠪᠠᠷᠠᠢ

ᠰᠠᠭᠠᠬᠠᠯᠳᠠ ᠶᠢᠨ ᠪᠦᠷᠭᠡ ᠳᠤ ᠠᠮᠢᠯᠠᠮᠤᠢ

ᠰᠢᠯᠵᠢᠭᠦᠯᠤᠨ ᠠᠪᠴᠢᠷᠠᠨ ᠳᠠᠭᠠᠯᠠᠮᠤᠢ

ᠰᠡᠷᠮᠡᠭᠦᠨ ᠠᠭᠤᠯᠠ ᠬᠠᠢ᠌ᠷᠬᠠᠨ ᠵᠢᠠᠷ

ᠰᠠᠮᠠᠷᠠᠨ ᠣᠯᠠᠯᠵᠢᠨ ᠨᠠᠭᠢᠯᠵᠳᠠᠭ

ᠱᠤᠩᠵᠢᠨ ᠭᠤᠤᠯ ᠤᠨ ᠭᠦᠪᠠᠭᠡ ᠪᠠᠷ

ᠰᠡᠷᠢᠭᠦᠴᠡᠨ ᠠᠯᠢᠶᠠᠷᠬᠠᠨ ᠳᠤᠩᠬᠠᠯᠵᠠᠳᠠᠭ

ᠰᠢᠯᠢ ᠶᠢᠨ ᠨᠤᠭᠤᠭᠠᠨ ᠮᠠᠩᠨᠤᠭ ᠳᠠᠢ

ᠰᠢᠯᠪᠢᠯᠵᠠᠨ ᠮᠥᠴᠡᠭᠡᠷᠭᠡᠨ ᠢᠯᠭᠠᠷᠠᠳᠠᠭ

ᠰᠠᠷᠢᠮᠰᠠᠭ ᠤᠨ ᠰᠢᠳᠤ ᠰᠢᠭ᠌ ᠦᠨᠳᠦᠰᠦ ᠨᠢ

ᠰᠢᠭᠢᠷᠯᠢᠭ᠌ ᠠᠮᠳᠠᠳᠠᠢ᠂ ᠡᠮ ᠳᠤ ᠣᠷᠤᠳᠠᠭ

ᠰᠤᠳᠤᠨ ᠭᠤᠪᠠᠢ ᠣᠷᠭᠤᠮᠠᠯ ᠪᠣᠯᠬᠤᠷ

ᠰᠢᠯᠢᠳᠡᠭ᠌ ᠨᠠᠷᠠᠳᠤ ᠳᠡᠮᠳᠡᠭ᠌ ᠪᠣᠯᠳᠠᠭ

ᠰᠢᠨ᠎ᠡ ᠪᠠᠷᠢ ᠰᠢᠭ᠌ ᠮᠢᠰᠢᠪᠠᠯᠵᠠᠬᠤᠯᠠᠷ

ᠰᠢᠷᠳᠠᠵᠤ ᠦᠨᠦᠰᠤᠨ ᠬᠠᠢ᠌ᠷᠠᠯᠠᠳᠠᠭ

ᠰᠡᠳᠭᠢᠯ ᠤᠨ ᠣᠯᠠᠭᠠᠨ ᠰᠠᠷᠭᠠᠢ ᠪᠠᠨ

ᠰᠤᠭᠤᠴᠠᠵᠤ ᠳᠠᠰᠤᠯᠤᠨ ᠥᠮᠴᠢᠷᠭᠡᠭᠦ ᠥᠭᠡᠢ

ᠰᠠᠯᠭᠢᠨ ᠤ ᠢᠯᠪᠢᠯᠳᠠ ᠳᠤ ᠭᠠᠩᠬᠤᠨ

ᠰᠠᠵᠢᠯᠠᠨ ᠳᠠᠯᠠᠯᠠᠬᠤ ᠬᠠᠷᠠᠭᠳᠠᠳᠠᠭ

ᠰᠤᠷᠭᠤᠭ ᠬᠤᠷᠴᠠ ᠥᠩᠭᠡ ᠨᠢ

ᠰᠠᠢ᠌ᠬᠠᠨ ᠵᠢᠰᠤ ᠪᠠᠨ ᠭᠠᠢ᠌ᠬᠠᠭᠤᠯᠳᠠᠭ

ᠰᠢᠩᠬᠤᠨ ᠣᠯᠠᠪᠢᠷ ᠬᠠᠴᠠᠷ ᠨᠢ

ᠰᠢᠷᠳᠡᠭᠦ ᠬᠠᠷᠠᠭ᠎ᠠ ᠶᠢ ᠳᠠᠳᠠᠳᠠᠭ

ᠰᠢᠯᠢᠨ ᠪᠣᠯᠤᠷ ᠨᠠᠪᠴᠢ ᠶᠢ ᠨᠢ

ᠰᠢᠠᠵᠢᠨ ᠰᠢᠠᠵᠢᠨ ᠬᠠᠷᠠᠮᠤᠢ

ᠰᠢᠷᠪᠠᠭᠡᠳᠦᠭᠦ ᠭᠡᠦᠭᠡᠨ ᠠᠳᠠᠯᠢ

ᠰᠠᠵᠢᠯᠠᠵᠤ ᠪᠠᠶ᠎ᠠ ᠪᠠᠨ ᠭᠤᠩᠬᠠᠮᠤᠢ

ᠰᠠᠨᠠᠭᠠᠨ ᠤ ᠰᠢᠵᠢᠮ ᠢ ᠡᠷᠴᠢᠮᠯᠡᠨ

ᠱᠠᠭᠰᠢᠨ ᠱᠠᠭᠰᠢᠨ ᠮᠠᠭᠳᠠᠮᠤᠢ

ᠰᠡᠭᠦᠳᠡᠷ ᠵᠢᠷᠤᠭ ᠢ ᠨᠢ ᠡᠪᠦᠷᠳᠦᠯᠡᠨ

ᠰᠡᠮᠡᠭᠡᠷ ᠡᠮᠡᠭᠡᠷ ᠦᠵᠠᠮᠤᠢ

ᠰᠦᠯᠵᠢᠶ᠎ᠠ ᠶ‍ᠢᠷᠳᠢᠠᠴᠤ ᠳᠤ ᠳᠤᠳᠤᠷᠠᠬᠤᠯᠠᠷ

ᠰᠠᠷᠪᠴᠢᠯᠠᠨ ᠰᠠᠷᠠᠪᠴᠢᠯᠠᠨ ᠰᠠᠭᠤᠮᠤᠢ

ᠰᠦᠨᠢ ᠶᠢᠨ ᠵᠡᠭᠦᠳᠤᠨ ᠳᠤ ᠢᠷᠡᠭᠦᠯᠡᠷ

ᠰᠢᠯᠦᠭ᠌ ᠨᠠᠢ᠌ᠷᠠᠭ ᠲᠤ ᠣᠶᠠᠩᠭ᠋ᠠᠯᠠᠮᠤᠢ

ᠰᠠᠳᠭᠢᠴᠠ ᠶᠢᠨ ᠣᠷᠠᠨ ᠮᠠᠳᠠᠷᠠᠮᠵᠢ ᠪᠠᠷ

ᠰᠠᠷᠠᠨ᠎ᠠ ᠴᠡᠴᠡᠭ᠌ ᠶᠢᠡᠨ ᠰᠠᠢ᠌ᠯᠠᠮᠤᠢ

ᠰᠡᠮᠡᠯᠵᠡᠭᠦ ᠪᠠᠬᠠᠷᠬᠠᠯ ᠤᠨ ᠮᠦᠰᠢᠶᠠᠯ ᠳ᠋ᠤ

ᠰᠠᠷᠠᠨ᠎ᠠ ᠳᠠᠭᠢᠨᠢ ᠪᠦᠵᠢᠭᠯᠡᠮᠦᠢ

ᠰᠠᠶ᠎ᠠ ᠪᠣᠮᠠᠨ ᠴᠡᠴᠡᠭ᠌ ᠤᠳ ᠤᠨ ᠳᠤᠮᠳᠠ

ᠰᠠᠴᠤᠷᠠᠨ ᠮᠡᠯᠳᠡᠭᠡᠨᠡᠨ ᠳᠤᠨᠢᠷᠬᠠᠮᠤᠢ

ᠰᠠᠷᠠᠨ᠎ᠠ ᠮᠢᠨᠢ ᠳᠠᠯ᠎ᠠ ᠶᠢᠨ ᠴᠡᠴᠡᠭ᠌

ᠰᠠᠯᠤᠰᠢ ᠦᠭᠡᠶ ᠪᠠᠷᠢᠯᠳᠤᠯᠭ᠎ᠠ ᠲᠡᠶ ᠠᠵᠤᠭᠤ


2012 ᠣᠨ ᠤ 12 ᠰᠠᠷ᠎ᠠ ᠶᠢᠨ 11 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠦᠨᠢᠳ ᠵᠡᠭᠦᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1619
ᠴᠠᠭ᠄ 2012 ᠤᠨ ᠤ 12 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ