ᠶᠡᠭᠡ ᠮᠤᠩᠭ᠋ᠤᠯ ᠤᠨ ᠨᠡᠭᠦᠳᠡᠯ

ᠶᠡᠭᠡ ᠮᠤᠩᠭ᠋ᠤᠯ ᠤᠨ ᠨᠡᠭᠦᠳᠡᠯ ᠰᠤᠶᠤᠯ

ᠨᠤᠮᠤᠬᠠᠨ ᠬᠤᠨᠢᠳ ᠲᠡᠶ ᠪᠠᠨ ᠰᠠᠭᠤᠷᠢᠰᠢᠵᠤ

ᠴᠢᠳᠤᠷ ᠲᠡᠶ ᠮᠤᠷᠢ ᠳᠠᠯ᠎ᠠ ᠲᠡᠶ ᠪᠠᠨ ᠦᠷᠭᠡᠯᠡᠵᠤ

ᠬᠤᠷ᠎ᠠ ᠶᠢᠨ ᠴᠢᠮᠡᠭᠡ ᠵᠡᠭᠦᠳᠦᠯᠡᠵᠤ ᠬᠤᠨᠤᠨ᠎ᠠ


ᠬᠠᠷᠠᠭᠠᠨ ᠥᠵᠦᠭᠦᠷ ᠤᠨ ᠬᠠᠪᠣᠷ ᠬᠠᠪᠣᠷ ᠤᠨ ᠵᠡᠷᠭᠡᠯᠭᠡ

ᠨᠠᠮᠤᠷ ᠤᠨ ᠭᠠᠯᠠᠭᠤ ᠰᠢᠭ ᠤᠢ᠌ᠳᠬᠠᠷᠳᠠᠢ ᠪᠣᠴᠠᠵᠤ

ᠳᠡᠯᠡᠭᠡᠢ ᠳᠤ ᠳᠦᠭᠡᠭ᠍ᠰᠡᠨ ᠨᠡᠭᠦᠳᠡᠯ ᠤᠨ ᠪᠠᠭᠤᠷᠢ

ᠠᠷᠭᠠᠯ ᠤᠨ ᠣᠳᠤᠭ᠎ᠠ ᠰᠢᠭ ᠰᠢᠩᠭᠡᠷᠡᠵᠤ ᠣᠳᠤᠨ᠎ᠠ


ᠣᠴᠤᠭᠯᠠᠵᠤ ᠳᠠᠯᠪᠢᠭᠰᠠᠨ ᠭᠤᠷᠪᠠᠨ ᠴᠢᠯᠠᠭᠤ

ᠣᠬᠠᠭᠠᠨ ᠤ ᠭᠦᠨ ᠡᠴᠡ ᠴᠠᠭᠢᠯᠵᠤ ᠬᠤᠯᠠᠳᠠᠨ᠎ᠠ

ᠣᠯᠠᠮᠵᠢᠯᠠᠵᠤ ᠢᠷᠡᠭ᠍ᠰᠡᠨ ᠣᠪᠣᠭᠠᠨ ᠰᠤᠶᠤᠯ

ᠬᠡᠦᠬᠡᠳ ᠤᠨ ᠳᠠᠷᠢᠭᠢᠨ ᠳᠤ ᠣᠨᠢᠰᠤᠭᠠᠵᠢᠵᠤ ᠬᠤᠴᠤᠷᠤᠨ᠎ᠠ


ᠲ᠋ᠠᠰ ᠡᠴᠡ ᠳᠠᠪᠠᠭᠰᠠᠨ ᠳᠡᠭ᠍ᠷᠢᠯᠢᠭ᠌ ᠣᠬᠠᠭᠠᠨ ᠶᠢᠡᠷ

ᠪᠠᠯᠴᠢᠭᠡᠷ ᠶᠢᠡᠨ ᠰᠡᠯᠪᠢᠭ᠍ᠰᠡᠨ ᠰᠢᠡᠵᠢᠯᠡᠭᠦ ᠣᠬᠠᠭᠠᠨ

ᠳᠡᠷᠳᠡᠭᠡ ᠵᠠᠭᠤᠨ ᠡᠴᠡ ᠵᠢᠷᠤᠮᠯᠠᠵᠤ ᠢᠷᠡᠭ᠍ᠰᠡᠨ

ᠵᠠᠯᠭᠠᠮᠵᠢᠯᠠᠬᠤ ᠣᠴᠢᠷᠳᠠᠢ ᠪᠠᠢ᠌ᠭᠠᠯᠢᠴᠢ ᠰᠤᠷᠳᠠᠯ


ᠠᠯᠢ ᠣᠵᠤᠭᠤᠷ ᠡᠪᠦᠭᠡ ᠳᠡᠭᠡᠳᠦᠰ ᠤᠨ ᠮᠢᠨᠢ

ᠣᠳᠤᠬᠠᠨ ᠳᠤ ᠬᠤᠪᠣᠷᠳᠠᠭᠰᠠᠨ ᠨᠤᠳᠤᠭᠴᠢ ᠦᠵᠡᠯ

ᠣᠢ ᠮᠤᠳᠤ ᠠᠭᠤᠯᠠ ᠬᠠᠢ᠌ᠷᠬᠠᠤᠨ ᠲᠡᠶ ᠪᠠᠨ

ᠦᠨᠢ ᠮᠥᠩᠭᠡᠷᠡᠭᠦ ᠣᠯᠠ ᠮᠦᠷ ᠪᠢᠯᠠ


ᠬᠠᠪᠣᠷᠵᠢᠶ᠎ᠠ ᠵᠤᠰᠠᠭᠠᠯ ᠨᠠᠮᠤᠷᠵᠢᠶ᠎ᠠ ᠡᠪᠦᠯᠵᠢᠶ᠎ᠡ

ᠬᠠᠰᠢᠶᠠᠨ ᠤ ᠨᠦᠮᠦᠷᠢ ᠳᠤ ᠬᠤᠷᠭᠤᠳᠠᠭᠠᠤᠨ

ᠥᠶᠡᠯᠵᠡᠭ᠍ᠰᠡᠨ ᠪᠠᠯᠴᠢᠭᠡᠷ ᠮᠢᠷᠠᠯᠵᠠᠭᠰᠠᠨ ᠴᠡᠴᠡᠭ᠌

ᠳᠠᠷᠢᠶᠠᠨ ᠤ ᠵᠠᠢ ᠪᠠᠷ ᠦᠨᠦᠴᠢᠷᠠᠨ᠎ᠠ


ᠰᠢᠳᠠᠭᠰᠠᠨ ᠭᠦᠰᠡᠯ ᠤᠨ ᠣᠠᠳᠠᠷᠠᠭᠰᠠᠨ ᠴᠤᠭ

ᠰᠢᠩᠭᠡᠷᠡᠭ᠍ᠰᠡᠨ ᠡᠪᠠᠰᠤᠨ ᠤ ᠢᠷᠠᠯ ᠭᠠᠷᠤᠯ

ᠨᠡᠭᠦᠳᠡᠯ ᠪᠠᠭᠤᠳᠠᠯ ᠤᠨ ᠵᠢᠮ᠎ᠠ ᠮᠦᠷ

ᠨᠡᠯᠥᠢᠭ᠍ᠰᠡᠨ ᠡᠯᠡᠰᠤᠨ ᠤ ᠢᠷᠠᠯ ᠭᠠᠷᠤᠯ ᠁


ᠲ᠋ᠡᠯᠡᠭᠡᠢ ᠳᠤ ᠳᠦᠷᠦᠭ᠍ᠰᠡᠨ ᠭᠦᠮᠤᠨ ᠮᠥᠩᠭᠡᠷᠡᠳᠡᠭ᠌ ᠦᠭᠡᠶ

ᠳᠡᠭᠡᠳᠦᠯᠡᠵᠤ ᠥᠪᠯᠡᠭ᠍ᠰᠡᠨ ᠨᠠᠠᠳᠢᠨ ᠰᠤᠶᠤᠯ ᠦᠯᠠᠳᠠᠨ᠎ᠠ

ᠳᠦᠷᠤᠵᠤ ᠥᠰᠦᠭ᠍ᠰᠡᠨ ᠨᠤᠳᠤᠭ ᠣᠷᠤᠨ ᠡᠪᠳᠡᠭ᠍ᠳᠡᠭ᠍ᠰᠡᠨ ᠡᠴᠡ

ᠳᠡᠪᠢᠭᠡᠳ ᠪᠣᠰᠬᠤ ᠮᠤᠩᠭ᠋ᠤᠯ ᠬᠣᠢ᠌ᠴᠢᠰ ᠪᠦᠳᠦᠴᠢᠨ᠎ᠡ


ᠮᠡᠷᠭᠡᠳ ᠤᠨ ᠥᠭᠡ ᠶᠢ ᠭᠡᠯᠡᠭᠡᠳ ᠰᠠᠭᠤᠬᠤ ᠭᠢᠯᠪᠠᠷ

ᠮᠦᠷᠳᠠᠨ ᠵᠠᠯᠭᠠᠮᠵᠢᠯᠠᠬᠤ ᠵᠠᠮ ᠠᠨᠤ ᠪᠠᠷᠭᠡ

ᠪᠠᠷᠭᠡ ᠶᠢᠨ ᠴᠠᠭᠠᠨ᠎ᠠ ᠵᠢᠷᠭᠠᠯ ᠪᠠᠢ᠌ᠬᠤ ᠶᠢ ᠴᠤ ᠮᠠᠳᠠᠨ᠎ᠠ

ᠭᠦᠴᠢᠷ ᠢ ᠰᠦᠷᠴᠤ ᠳᠡᠮᠡᠤᠯᠡᠭᠦ ᠭᠦᠮᠤᠨ ᠴᠥᠭᠡᠨ


ᠰᠠᠨᠠᠭᠠᠤᠨ ᠰᠠᠭᠤᠬᠤ ᠨᠤᠳᠤᠭ ᠮᠢᠨᠢ

ᠰᠠᠯᠭᠢ ᠳᠤᠭᠤᠰᠤᠨ᠎ᠠ ᠪᠦᠳᠡᠭᠡᠢ᠌ᠷᠡᠭᠡᠳ

ᠬᠠᠶᠠᠭᠳᠠᠭᠰᠠᠨ ᠬᠠᠨ᠎ᠠ ᠬᠤᠭᠤᠴᠢᠭᠳᠠᠭᠰᠠᠨ ᠣᠨᠢ

ᠭᠢᠰᠠ ᠶᠢᠨ ᠳᠡᠷᠭᠡᠳᠡ ᠣᠪᠣᠭᠠᠯᠠᠭᠳᠠᠨ᠎ᠠ


ᠣᠨ ᠣᠨ ᠤ ᠳᠡᠦᠭᠡ ᠶᠢᠨ ᠭᠦᠷᠳᠤᠨ ᠳᠤ

ᠢᠰᠡᠭᠡᠢ ᠭᠡᠷ ᠡᠪᠭᠡᠭ᠍ᠳᠡᠵᠤ

ᠣᠯᠠᠷᠢᠯ ᠣᠯᠠᠷᠢᠯ ᠤᠨ ᠴᠦᠷᠭᠦᠯᠡᠭ᠍ᠰᠡᠨ ᠬᠠᠰᠠᠭ

ᠨᠡᠭᠦᠳᠡᠯ ᠤᠨ ᠵᠠᠮ ᠳᠤ ᠡᠵᠡᠭᠦᠢ᠌ᠷᠡᠨ᠎ᠡ


ᠮᠤᠩᠭ᠋ᠤᠯ ᠰᠤᠷᠭᠠᠭᠤᠯᠢ ᠶᠢᠨ ᠡᠭᠦᠳᠡ ᠨᠡᠭᠡᠭᠡᠯᠳᠡ ᠲᠡᠶ ᠠᠳᠠᠯ᠎ᠠ

ᠮᠤᠩᠭ᠋ᠤᠯ ᠠᠬᠠᠮᠠᠤᠨ ᠤᠨ ᠨᠢᠳᠤᠨ ᠬᠠᠷᠠᠴᠠ ᠳᠤᠰᠬᠤ ᠦᠭᠡᠶ

ᠮᠠᠨᠠᠠᠳᠤᠭᠰᠠᠨ ᠭᠦᠰᠡᠯ ᠤᠨ ᠰᠤᠯᠤᠩᠭ᠋ᠠᠨ ᠵᠡᠭᠦᠳᠤ ᠮᠠᠨᠠᠵᠤ

ᠮᠤᠩᠭ᠋ᠤᠯ ᠬᠡᠦᠬᠡᠳ ᠭᠢᠳᠠᠤᠨ ᠰᠤᠷᠭᠠᠭᠤᠯᠢ ᠳᠤ ᠨᠡᠭᠦᠨ᠎ᠡ


ᠭᠦᠪᠪᠦᠯᠵᠡᠨ ᠨᠡᠭᠦᠳᠡᠯᠯᠡᠭᠦ ᠭᠦᠭᠡ ᠳᠡᠭ᠍ᠷᠢ ᠶᠢᠨ ᠡᠭᠦᠯᠡᠰ

ᠭᠦᠷᠭᠦ ᠭᠠᠵᠠᠷ ᠶᠢᠡᠨ ᠦᠪᠠᠰᠤᠪᠠᠨ ᠳᠤᠭᠳᠠᠭᠠᠵᠤ ᠴᠢᠳᠠᠬᠤ ᠦᠭᠡᠶ

ᠭᠦᠮᠤᠨ ᠢ ᠳᠠᠭᠠᠵᠤ ᠳᠠᠷᠪᠠᠵᠤ ᠰᠤᠷᠤᠭᠰᠠᠨ ᠮᠠᠨᠠᠢ᠌ᠭᠢᠳ

ᠭᠦᠭ᠍ᠵᠢᠭᠦ ᠢᠷᠡᠭᠡᠳᠦᠢ ᠳᠤ ᠬᠠᠮᠢᠭᠠᠰᠢ ᠨᠡᠭᠦᠳᠡᠯᠯᠡᠳᠡᠭ᠌ ᠪᠣᠯ︖


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠬᠠᠷᠢᠶ᠎ᠠ᠄ ᠰᠢᠯᠦᠭ
ᠳᠠᠷᠤᠮ᠄ 2491
ᠴᠠᠭ᠄ 2011 ᠤᠨ ᠤ 05 ᠰᠠᠷ᠎ᠠ ᠶᠢᠨ 05