ᠠᠩᠭᠢ ᠡᠷᠭᠢᠯᠡᠭ᠍ᠴᠢ ᠶᠢᠨ ᠠᠵᠢᠯ ᠢ ᠭᠡᠷᠭᠢᠨ ᠰᠠᠢ᠌ᠨ ᠭᠢᠭᠦ ᠳᠤᠬᠠᠢ ᠮᠦᠴᠢᠳ ᠥᠭᠦᠯᠡᠭᠦ ᠨᠢ

ᠨᠢᠭᠡᠨ ᠰᠢᠯᠢᠳᠡᠭ᠌ ᠰᠠᠢ᠌ᠨ ᠠᠩᠭᠢ ᠨᠢᠭᠡᠴᠢ ᠪᠣᠯ ᠰᠤᠷᠤᠭᠴᠢᠳ ᠤᠨ ᠡᠷᠡᠭᠦᠯ ᠶᠢᠡᠷ ᠦᠰᠦᠨ ᠪᠣᠢ᠌ᠵᠢᠬᠤ ᠳᠤ ᠠᠤᠭ᠎ᠠ ᠶᠡᠭᠡ ᠰᠤᠷᠭᠠᠨ ᠭᠦᠮᠦᠵᠢᠯ ᠤᠨ ᠣᠢ᠌ᠯᠠᠳᠤᠯ ᠥᠵᠡᠭᠦᠯᠳᠡᠭ᠌᠃ ᠨᠢᠭᠡᠨ ᠰᠢᠯᠢᠳᠡᠭ᠌ ᠰᠠᠢ᠌ᠨ ᠠᠩᠭᠢ ᠨᠢᠭᠡᠴᠢ ᠶᠢᠨ ᠪᠦᠷᠢᠯᠳᠦᠭᠦ ᠳᠤ ᠠᠩᠭᠢ ᠶᠢᠨ ᠡᠷᠭᠢᠯᠡᠭ᠍ᠴᠢ ᠶᠢᠨ ᠶᠡᠭᠡ ᠭᠡᠮᠵᠢᠶᠡᠨ ᠤ ᠨᠠᠷᠢᠨ ᠨᠢᠮᠪᠠᠢ ᠠᠵᠢᠯ ᠢ ᠱᠠᠭᠠᠷᠳᠠᠳᠠᠭ᠃ ᠠᠩᠭᠢ ᠪᠣᠯ ᠰᠤᠷᠭᠠᠭᠤᠯᠢ ᠶᠢᠨ ᠰᠤᠷᠭᠠᠨ ᠭᠦᠮᠦᠵᠢᠯ ᠤᠨ ᠬᠠᠮᠢᠶᠠᠷᠤᠯᠳᠠ ᠶᠢᠨ ᠦᠨᠳᠦᠰᠦᠨ ᠨᠢᠭᠡᠴᠢ ᠪᠣᠯᠤᠨ᠎ᠠ᠃ ᠠᠩᠭᠢ ᠶᠢᠨ ᠡᠷᠭᠢᠯᠡᠭ᠍ᠴᠢ ᠶᠢᠨ ᠠᠵᠢᠯ ᠤᠨ ᠣᠪᠣᠷ ᠰᠤᠷᠳᠠᠯ᠂ ᠨᠡᠢ᠌ᠭᠡᠮ ᠤᠨ ᠬᠠᠷᠢᠴᠠᠭ᠎ᠠ᠂ ᠥᠭᠡ ᠭᠡᠯᠡ ᠵᠡᠷᠭᠡ ᠨᠢ ᠪᠦᠷ ᠰᠤᠷᠤᠭᠴᠢᠳ ᠢ ᠳᠤᠩ ᠶᠡᠭᠡ ᠨᠥᠯᠦᠭᠡᠯᠡᠳᠡᠭ᠌᠃ ᠪᠠᠭᠰᠢ ᠶᠢᠨ ᠶᠤᠰᠤ ᠮᠤᠷᠠᠯ ᠤᠨ ᠭᠡᠮᠵᠢᠶ᠎ᠡ ᠨᠢ ᠰᠤᠷᠤᠭᠴᠢᠳ ᠤᠨ ᠦᠨᠳᠦᠰᠦᠨ ᠭᠡᠪ ᠴᠢᠨᠠᠷ ᠢ ᠳᠤᠭᠳᠠᠭᠠᠳᠠᠭ᠃ ᠡᠢ᠌ᠮᠤ ᠡᠴᠡ ᠠᠩᠭᠢ ᠶᠢᠨ ᠡᠷᠭᠢᠯᠡᠭ᠍ᠴᠢ ᠪᠣᠯᠤᠭᠰᠠᠤᠨ ᠦᠪᠡᠷ ᠢ ᠪᠠᠨ ᠴᠢᠩᠭ᠎ᠠ ᠱᠠᠭᠠᠷᠳᠠᠵᠤ᠂ ᠰᠤᠷᠤᠭᠴᠢᠳ ᠲᠤ ᠭᠡᠪ ᠳᠦᠷᠢᠮ ᠪᠣᠯᠬᠤ ᠪᠠᠷ ᠴᠢᠷᠮᠠᠢ᠌ᠬᠤ ᠭᠡᠷᠡᠭ᠍ᠳᠡᠢ᠃ ᠳᠡᠭᠡᠪᠠᠯ᠂ ᠠᠩᠭᠢ ᠶᠢᠨ ᠡᠷᠭᠢᠯᠡᠭ᠍ᠴᠢ ᠴᠤᠬᠤᠮ ᠶᠠᠭᠠᠭᠢᠵᠤ ᠭᠢᠪᠠᠯ ᠰᠠ‍‌ᠶᠢ ᠰᠤᠷᠤᠭᠴᠢᠳ ᠲᠤ ᠦᠨᠡᠩᠬᠦ ᠭᠡᠪ ᠳᠠᠭᠤᠷᠢᠶᠠᠯ ᠪᠣᠯᠵᠤ ᠴᠢᠳᠠᠬᠤ ᠪᠣᠢ︖

    ᠨᠢᠭᠡ᠃ ᠠᠩᠭᠢ ᠨᠢᠭᠡᠴᠡ ᠶᠢᠨ ᠳᠡᠮᠡᠴᠡᠭᠦ ᠬᠠᠷᠠᠯᠳᠠ ᠪᠠᠨ ᠳᠤᠭᠳᠠᠭᠠᠬᠤ

ᠨᠠᠢ᠌ᠳᠠ ᠶᠢᠨ ᠬᠠᠷᠠᠯᠳᠠ ᠪᠣᠯ ᠠᠩᠭᠢ ᠨᠢᠭᠡᠴᠡ ᠶᠢᠨ ᠣᠷᠤᠭᠰᠢᠯᠠᠬᠤ ᠴᠢᠭᠯᠡᠯᠳᠡ ᠪᠣᠯᠤᠨ᠎ᠠ᠂ ᠠᠩᠭᠢ ᠨᠢᠭᠡᠴᠡ ᠬᠠᠮᠳᠤ ᠶᠢᠨ ᠭᠦᠭᠡᠭᠡᠴᠡᠯᠳᠦᠭᠦ ᠬᠠᠷᠠᠯᠳᠠ ᠦᠭᠡᠶ ᠪᠣᠯ ᠣᠷᠤᠭᠰᠢᠯᠠᠬᠤ ᠭᠦᠴᠤᠨ ᠶᠢᠡᠨ ᠠᠯᠳᠠᠨ᠎ᠠ᠃ ᠨᠠᠢ᠌ᠳᠠ ᠶᠢᠨ ᠬᠠᠷᠠᠯᠳᠠ ᠪᠠᠶᠡᠯᠡᠭ᠍ᠳᠡᠭᠦ ᠪᠦᠷᠢ ᠨᠥᠭᠦᠤᠨ ᠤᠨ ᠬᠠᠮᠳᠤ ᠶᠢᠨ ᠴᠢᠷᠮᠠᠢ᠌ᠯᠭ᠎ᠠ ᠶᠢᠨ ᠦᠷ᠎ᠡ ᠳ᠋ᠦ᠋ᠩ ᠪᠣᠯᠬᠤ ᠶᠢ ᠠᠩᠭᠢ ᠶᠢᠨ ᠡᠷᠭᠢᠯᠡᠭ᠍ᠴᠢ ᠡᠴᠡ ᠴᠠᠭ ᠳᠤᠬᠠᠢ ᠳ᠋ᠤᠨᠢ ᠶᠠᠷᠢᠵᠤ ᠮᠡᠳᠡᠭᠦᠯᠭᠦ ᠭᠡᠷᠡᠭ᠍ᠳᠡᠢ᠃ ᠢᠩᠭᠢᠪᠠᠯ ᠰᠠ‍‌ᠶᠢ ᠰᠤᠷᠤᠭᠴᠢ ᠨᠢᠭᠡᠪᠦᠷᠢ ᠪᠠᠶᠠᠷ ᠪᠠᠶᠠᠰᠤᠯ ᠢ ᠭᠦᠷᠳᠡᠨ ᠬᠠᠮᠳᠤ ᠨᠠᠢ᠌ᠳᠠ ᠶᠢᠨ ᠬᠠᠷᠢᠭᠤᠴᠠᠯᠭᠠᠳᠤ ᠰᠡᠳᠬᠢᠯᠭᠡ ᠣᠯᠠᠮ ᠶᠢᠡᠷ ᠨᠡᠮᠡᠭ᠍ᠳᠡᠭᠦ ᠪᠣᠯᠤᠨ᠎ᠠ᠃ ᠠᠩᠭᠢ ᠶᠢᠨ ᠡᠷᠭᠢᠯᠡᠭ᠍ᠴᠢ ᠪᠣᠯᠤᠭᠰᠠᠤᠨ ᠬᠤᠭᠤᠴᠠᠭ᠎ᠠ ᠡᠭᠢᠯᠡᠭᠦ ᠲᠡᠶ ᠵᠡᠷᠭᠡ ᠡᠯ᠎ᠡ ᠳᠦᠷᠤᠯ ᠤᠨ ᠭᠢᠴᠢᠶᠠᠯ ᠢ ᠰᠤᠷᠬᠤ ᠬᠠᠷᠠᠯᠳᠠ ᠶᠢ ᠳᠤᠭᠳᠠᠭᠠᠬᠤ ᠭᠡᠷᠡᠭ᠍ᠳᠡᠢ᠃ ᠳᠠᠷᠠᠭ᠎ᠠ ᠨᠢ ᠰᠤᠷᠭᠠᠭᠤᠯᠢ ᠶᠢᠨ ᠲᠦᠯᠦᠪᠯᠡᠭᠡ ᠶᠤᠰᠤᠭᠠᠷ ᠳᠠᠮᠢᠷ᠂ ᠣᠷᠠᠨ ᠰᠠᠢ᠌ᠬᠠᠨ ᠤ ᠭᠦᠳᠡᠯᠭᠡᠭᠡᠨ ᠭᠢᠭᠦ ᠬᠠᠷᠠᠯᠳᠠ ᠪᠠᠨ ᠳᠤᠳᠤᠷᠬᠠᠢ ᠳᠤᠭᠳᠠᠭᠠᠵᠤ᠂ ᠰᠤᠷᠤᠭᠴᠢᠳ ᠲᠠᠭᠠᠨ ᠮᠡᠳᠡᠭᠦᠯᠦᠭ᠍ᠰᠡᠨ ᠪᠠᠢ᠌ᠬᠤ ᠭᠡᠷᠡᠭ᠍ᠳᠡᠢ᠃ ᠢᠩᠭᠢᠪᠠᠯ ᠰᠠ‍‌ᠶᠢ ᠰᠤᠷᠤᠭᠴᠢᠳ ᠬᠤᠪᠢ ᠶᠢᠨ ᠬᠠᠷᠠᠯᠳᠠ ᠪᠠᠨ ᠳᠤᠳᠤᠷᠬᠠᠢ ᠪᠣᠯᠭᠠᠵᠤ ᠴᠢᠳᠠᠨ᠎ᠠ᠃

    ᠬᠤᠶᠠᠷ᠃ ᠠᠩᠭᠢ ᠶᠢᠨ ᠬᠠᠮᠢᠶᠠᠷᠤᠯᠳᠠ ᠶᠢ ᠠᠷᠠᠳᠴᠢᠯᠠᠯ ᠲᠡᠶ ᠪᠠᠢ᠌ᠯᠭᠠᠬᠤ

ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠰᠤᠷᠤᠭᠴᠢᠳ ᠤᠨ ᠬᠠᠮᠢᠶᠠᠷᠤᠯᠳᠠ ᠳᠤ ᠠᠷᠠᠳᠴᠢᠯᠠᠯ ᠴᠢᠬᠤᠯᠠ ᠲᠡᠶ ᠪᠣᠯᠵᠤ ᠪᠠᠢ᠌ᠨ᠎ᠠ᠃ ᠠᠩᠭᠢ ᠶᠢᠨ ᠡᠷᠭᠢᠯᠡᠭ᠍ᠴᠢ ᠠᠷᠠᠳᠴᠢᠯᠠᠯ ᠢ ᠡᠷᠭᠢᠮᠯᠡᠨ ᠠᠷᠠᠳᠴᠢᠯᠠᠯ ᠤᠨ ᠬᠠᠮᠢᠶᠠᠷᠤᠯᠳᠠ ᠶᠠᠪᠣᠭᠳᠠᠭᠤᠯᠬᠤ ᠭᠡᠷᠡᠭ᠍ᠳᠡᠢ᠃ ᠰᠤᠷᠤᠭᠴᠢ ᠨᠢᠭᠡᠪᠦᠷᠢ ᠳᠤ ᠠᠩᠭᠢ ᠶᠢᠨ ᠺᠠᠳ᠋ᠷ ᠪᠣᠯᠬᠤ ᠵᠠᠪᠰᠢᠶᠠᠨ ᠢ ᠭᠦᠷᠳᠡᠭᠡᠭᠦ ᠭᠡᠷᠡᠭ᠍ᠳᠡᠢ᠃ ᠵᠢᠱᠢᠶᠠᠯᠠᠪᠠᠯ᠄ ᠠᠩᠭᠢ ᠶᠢᠨ ᠬᠠᠮᠢᠶᠠᠷᠤᠯᠳᠠ ᠪᠠᠨ ᠳᠠᠰ ᠬᠤᠪᠢᠶᠠᠨ ᠬᠠᠮᠢᠶᠠᠷᠬᠤ ᠠᠷᠭ᠎ᠠ ᠶᠢ ᠭᠡᠷᠡᠭᠯᠡᠵᠤ᠂ ᠬᠤᠭᠤᠴᠠᠭ᠎ᠠ ᠪᠦᠷᠢ ᠬᠠᠮᠢᠶᠠᠷᠤᠯᠳᠠ ᠶᠢᠨ ᠠᠵᠢᠯ ᠶᠢᠡᠨ ᠰᠤᠯᠢᠯᠴᠠᠵᠤ ᠭᠢᠭᠦ ᠳᠦᠷᠢᠮ ᠢ ᠭᠡᠷᠡᠭ᠍ᠵᠢᠭᠦᠯᠵᠤ ᠪᠣᠯᠤᠨ᠎ᠠ᠃ ᠠᠩᠭᠢ ᠶᠢᠨ ᠬᠤᠷᠠᠯ᠂ ᠭᠢᠴᠢᠶᠠᠯ ᠤᠨ ᠲᠦᠯᠦᠭᠡᠯᠡᠭ᠍ᠴᠢ ᠵᠡᠷᠭᠡ ᠭᠡᠳᠤᠨ ᠳᠠᠰ ᠤᠨ ᠳᠠᠷᠤᠭ᠎ᠠ ᠳᠤᠭᠳᠠᠭᠠᠵᠤ᠂ ᠠᠩᠭᠢ ᠶᠢᠨ ᠪᠦᠭᠦ ᠪᠠᠢ᠌ᠳᠠᠯ᠂ ᠡᠷᠡᠭᠦᠯ ᠬᠠᠮᠠᠭᠠᠯᠠᠯ᠂ ᠭᠢᠴᠢᠶᠠᠯ ᠰᠤᠷᠤᠯᠭ᠎ᠠ᠂ ᠰᠠᠭᠢᠯᠭ᠎ᠠ ᠪᠠᠳᠤ ᠵᠡᠷᠭᠡ ᠶᠢ ᠰᠠᠯᠭᠠᠨ ᠬᠠᠮᠢᠶᠠᠷᠴᠤ᠂ ᠳᠤᠰ ᠳᠤᠰ ᠳᠤᠨᠢ ᠳᠠᠭᠠᠭᠠᠴᠢᠯᠠᠭᠤᠯᠤᠨ ᠬᠠᠮᠢᠶᠠᠷᠠᠭᠤᠯᠬᠤ ᠨᠢ ᠨᠠᠯᠢᠶᠠᠤᠨ ᠰᠠᠢ᠌ᠨ ᠦᠷ᠎ᠡ ᠳ᠋ᠦ᠋ᠩ ᠢ ᠠᠪᠴᠢᠷᠠᠵᠤ ᠴᠢᠳᠠᠬᠤ ᠶᠤᠮ᠃

    ᠭᠤᠷᠪᠠ᠂ ᠰᠤᠷᠤᠭᠴᠢᠳ ᠤᠨ ᠰᠡᠳᠭᠢᠯ ᠤᠨ ᠨᠠᠢ᠌ᠵᠠ ᠪᠣᠯᠬᠤ

ᠪᠠᠭᠰᠢ ᠨᠢᠭᠡᠪᠦᠷᠢ ᠵᠠᠪᠠᠯ ᠰᠤᠷᠤᠭᠴᠢᠳ ᠲᠡᠶ ᠰᠡᠳᠭᠢᠯ ᠶᠢᠡᠨ ᠰᠤᠯᠢᠯᠴᠠᠬᠤ ᠭᠡᠷᠡᠭ᠍ᠳᠡᠢ᠃ ᠭᠡᠪᠠᠴᠤ ᠵᠠᠷᠢᠮ ᠦᠶ᠎ᠡ ᠳᠤ ᠢᠩᠭᠢᠵᠤ ᠭᠢᠵᠤ ᠳᠡᠢ᠌ᠯᠭᠦ ᠨᠢ ᠳᠤᠩ ᠴᠥᠭᠡᠨ ᠪᠠᠢ᠌ᠳᠠᠭ᠃ ᠠᠩᠭᠢ ᠶᠢᠨ ᠡᠷᠭᠢᠯᠡᠭ᠍ᠴᠢ ᠪᠣᠯᠤᠭᠰᠠᠤᠨ ᠵᠠᠪᠠᠯ ᠪᠦᠭᠦ ᠪᠠᠭᠰᠢ ᠳᠤ ᠰᠤᠷᠤᠭᠴᠢᠳ ᠲᠡᠶ ᠰᠡᠳᠭᠢᠯ ᠰᠤᠯᠢᠯᠴᠠᠬᠤ ᠳᠠᠯ᠎ᠠ ᠪᠠᠷ ᠳᠤᠯᠤᠭᠠᠢ᠌ᠯᠠᠬᠤ ᠣᠢ᠌ᠯᠠᠳᠤᠯ ᠥᠵᠡᠭᠦᠯᠭᠦ ᠭᠡᠷᠡᠭ᠍ᠳᠡᠢ᠃ ᠰᠤᠷᠤᠭᠴᠢᠳ ᠶᠢᠡᠨ ᠭᠦᠡᠳᠦᠳᠭᠡᠨ ᠬᠠᠢ᠌ᠷᠠᠯᠠᠬᠤ ᠪᠣᠯ ᠪᠠᠭᠰᠢ ᠶᠢᠨ ᠠᠵᠢᠯ ᠤᠨ ᠭᠤᠤᠯ ᠴᠦᠮ᠎ᠡ ᠮᠦᠨ᠂ ᠪᠠᠭᠰᠢ ᠶᠢᠨ ᠡᠷᠭᠢᠯᠡᠭ᠍ᠰᠡᠨ ᠠᠵᠢᠯ ᠳᠠᠭᠠᠨ ᠦᠨᠡᠠᠴᠢ ᠪᠦᠭᠡᠳ ᠬᠠᠢ᠌ᠷᠠᠳᠠᠢ ᠪᠠᠢ᠌ᠬᠤ ᠶᠢᠨ ᠢᠯᠠᠷᠠᠯ᠂ ᠪᠠᠭᠰᠢ ᠪᠣᠯᠤᠭᠰᠠᠤᠨ ᠤᠨ ᠪᠦᠷᠢᠯᠳᠦᠭᠦᠯᠪᠠᠰᠤ ᠵᠤᠭᠢᠬᠤ ᠦᠨᠳᠦᠰᠦᠨ ᠭᠡᠪ ᠴᠢᠨᠠᠷ ᠪᠣᠯᠤᠨ᠎ᠠ᠃ ᠠᠩᠭᠢ ᠶᠢᠨ ᠡᠷᠭᠢᠯᠡᠭ᠍ᠴᠢ ᠪᠣᠯᠤᠭᠰᠠᠤᠨ ᠵᠠᠪᠠᠯ ᠰᠤᠷᠤᠭᠴᠢ ᠨᠢᠭᠡᠪᠦᠷᠢ ᠪᠠᠨ ᠪᠦᠭᠦ ᠳᠠᠯ᠎ᠠ ᠪᠠᠷ ᠣᠢ᠌ᠯᠠᠭᠠᠵᠤ᠂ ᠳᠠᠳᠠᠨ ᠤ ᠰᠡᠳᠭᠢᠯ ᠤᠨ ᠭᠦᠮᠤᠨ ᠪᠣᠯᠬᠤ ᠭᠡᠷᠡᠭ᠍ᠳᠡᠢ᠃ ᠵᠠᠷᠢᠮ ᠦᠶ᠎ᠡ ᠳᠤ ᠠᠩᠭᠢ ᠶᠢᠨ ᠡᠷᠭᠢᠯᠡᠭ᠍ᠴᠢ ᠨᠢ ᠰᠤᠷᠤᠭᠴᠢ ᠪᠠᠨ ᠭᠦᠢᠴᠡᠳ ᠣᠢ᠌ᠯᠠᠭᠠᠬᠤ ᠦᠭᠡᠶ ᠡᠴᠡ ᠪᠣᠯᠵᠤ ᠳᠤᠰ ᠠᠩᠭᠢ ᠳ᠋ᠤᠨᠢ ᠶᠠᠮᠠᠷ ᠭᠡᠷᠡᠭ᠌ ᠭᠠᠷᠤᠭᠰᠠᠨ ᠴᠤ ᠠᠩᠭᠢ ᠶᠢᠨ ᠡᠷᠭᠢᠯᠡᠭ᠍ᠴᠢ ᠳᠡᠭᠡᠨ ᠭᠡᠯᠡᠭᠦ ᠡᠴᠡ ᠬᠠᠯᠠᠰᠢᠷᠠᠳᠠᠭ᠂ ᠡᠨᠡ ᠨᠢ ᠣᠷᠳᠤ ᠬᠤᠭᠤᠴᠠᠭ᠎ᠠ ᠦᠷᠭᠦᠯᠵᠢᠯᠡᠪᠠᠯ ᠪᠠᠭᠰᠢ ᠰᠤᠷᠤᠭᠴᠢ ᠶᠢᠨ ᠬᠠᠷᠢᠴᠠᠭ᠎ᠠ ᠮᠠᠭᠤᠳᠠᠵᠤ᠂ ᠭᠢᠴᠢᠶᠠᠯ ᠥᠢᠮᠡᠭᠦᠯᠭᠦ᠂ ᠣᠠᠳᠠᠬᠤ᠂ ᠥᠭᠡᠷ᠎ᠡ ᠶᠠᠭᠤᠮ᠎ᠠ ᠣᠷᠤᠯᠳᠤᠬᠤ ᠵᠡᠷᠭᠡ ᠥᠵᠡᠭ᠍ᠳᠡᠯ ᠭᠠᠷᠴᠤ᠂ ᠰᠤᠷᠤᠯᠭ᠎ᠠ ᠶᠢᠨ ᠭᠢᠷᠢ ᠪᠦᠳᠦᠮᠵᠢ ᠳᠤᠷᠤᠭᠰᠢᠯᠠᠬᠤ ᠭᠡᠮᠵᠢᠶᠡᠨ ᠳᠤ ᠭᠦᠷᠳᠡᠭ᠌᠂ ᠡᠢ᠌ᠮᠤ ᠡᠴᠡ ᠠᠩᠭᠢ ᠶᠢᠨ ᠡᠷᠭᠢᠯᠡᠭ᠍ᠴᠢ ᠪᠣᠯᠤᠭᠰᠠᠤᠨ ᠵᠠᠪᠠᠯ ᠦᠨᠡᠨ ᠰᠡᠳᠭᠢᠯ ᠡᠴᠡ ᠪᠠᠨ ᠰᠤᠷᠤᠭᠴᠢᠳ ᠲᠡᠶ ᠪᠠᠨ ᠨᠠᠢ᠌ᠵᠠᠯᠠᠵᠤ ᠳᠠᠳᠠᠨ ᠤ ᠭᠦᠴᠢᠷᠳᠡᠯ ᠢ ᠰᠢ᠌ᠤᠠᠪᠣᠷᠢᠯᠠᠨ ᠥᠭ᠍ᠴᠤ ᠪᠠᠢ᠌ᠬᠤ ᠭᠡᠷᠡᠭ᠍ᠳᠡᠢ᠃

    ᠳᠦᠷᠪᠠ᠃ ᠠᠩᠭᠢ ᠶᠢᠨ ᠡᠷᠭᠢᠯᠡᠭ᠍ᠴᠢ ᠪᠣᠯᠤᠭᠰᠠᠤᠨ ᠠᠭᠤᠴᠢᠯᠠᠬᠤ ᠶᠢ ᠰᠤᠷᠬᠤ

ᠠᠩᠭᠢ ᠶᠢᠨ ᠡᠷᠭᠢᠯᠡᠭ᠍ᠴᠢ ᠳᠤ ᠴᠢᠳᠠᠪᠣᠷᠢ᠂ ᠮᠡᠳᠡᠯᠭᠡ᠂ ᠬᠠᠢ᠌ᠷ᠎ᠠ ᠰᠡᠳᠬᠢᠯᠭᠡ᠂ ᠭᠦᠮᠦᠡᠯᠢᠭ᠌ ᠦᠵᠡᠯ᠂ ᠢᠳᠡᠭᠡᠯ ᠪᠠᠢ᠌ᠬᠤ ᠡᠴᠡ ᠭᠠᠳᠠᠨ᠎ᠠ ᠠᠩᠭᠢ ᠶᠢᠨ ᠡᠷᠭᠢᠯᠡᠭ᠍ᠴᠢ ᠪᠣᠯᠤᠭᠰᠠᠤᠨ ᠰᠤᠷᠤᠭᠴᠢᠳ ᠢ ᠠᠭᠤᠴᠢᠯᠠᠬᠤ ᠶᠢ ᠰᠤᠷᠬᠤ ᠭᠡᠷᠡᠭ᠍ᠳᠡᠢ᠃ ᠪᠠᠭ᠎ᠠ ᠰᠤᠷᠭᠠᠭᠤᠯᠢ ᠶᠢᠨ ᠣᠯᠠᠩᠭᠢ ᠰᠤᠷᠤᠭᠴᠢ ᠪᠦᠷ ᠠᠩᠭᠢ ᠶᠢᠨ ᠪᠠᠭᠰᠢ ᠡᠴᠡ ᠪᠠᠨ ᠰᠦᠷᠳᠡᠳᠡᠭ᠌᠃ ᠡᠭᠦᠨ ᠳᠤ ᠠᠩᠭᠢ ᠶᠢᠨ ᠪᠠᠭᠰᠢ ᠪᠠᠨ ᠪᠢᠰᠢᠷᠠᠨ ᠭᠦᠡᠳᠦᠳᠭᠡᠵᠤ ᠪᠠᠢ᠌ᠭ᠎ᠠ ᠨᠢᠭᠡ ᠳᠠᠯ᠎ᠠ ᠪᠠᠢ᠌ᠬᠤ ᠡᠴᠡ ᠭᠠᠳᠠᠨ᠎ᠠ ᠠᠩᠭᠢ ᠶᠢᠨ ᠪᠠᠭᠰᠢ ᠪᠣᠯᠤᠭᠰᠠᠤᠨ ᠰᠤᠷᠤᠭᠴᠢᠳ ᠤᠨ ᠠᠯᠳᠠᠭ᠎ᠠ ᠳᠤᠳᠠᠭᠳᠠᠯ ᠳᠤ ᠵᠦᠪ ᠬᠠᠠᠳᠤᠬᠤ ᠦᠭᠡᠶ ᠳᠠᠳᠠᠨ ᠢ ᠰᠢᠷᠦᠭᠦᠨ ᠰᠢᠦᠡᠭᠡᠵᠤ ᠪᠠᠢ᠌ᠬᠤ ᠲᠡᠶ ᠬᠤᠯᠪᠣᠭᠳᠠᠨ᠎ᠠ᠃ ᠰᠤᠷᠬᠤ ᠨᠠᠰᠤᠨ ᠤ ᠬᠡᠦᠬᠡᠳ ᠭᠦᠮᠤᠨ ᠪᠣᠯᠵᠤ ᠦᠰᠦᠨ ᠪᠣᠢ᠌ᠵᠢᠵᠤ ᠪᠠᠢ᠌ᠭ᠎ᠠ ᠶᠠᠪᠣᠴᠠ ᠳᠤᠮᠳᠠ ᠠᠯᠳᠠᠭ᠎ᠠ ᠪᠣᠷᠤᠭᠤ ᠭᠠᠷᠭᠠᠬᠤ ᠨᠢ ᠡᠩ ᠤᠨ ᠥᠵᠡᠭ᠍ᠳᠡᠯ ᠶᠤᠮ᠃ ᠡᠢ᠌ᠮᠤ ᠡᠴᠡ ᠠᠩᠭᠢ ᠶᠢᠨ ᠪᠠᠭᠰᠢ ᠪᠣᠯᠤᠭᠰᠠᠤᠨ ᠰᠤᠷᠤᠭᠴᠢᠳ ᠤᠨ ᠭᠠᠷᠭᠠᠭᠰᠠᠨ ᠠᠯᠳᠠᠭ᠎ᠠ ᠳᠤᠳᠠᠭᠳᠠᠯ ᠳᠤ ᠵᠦᠪ ᠣᠪᠣᠷ ᠶᠢᠡᠷ ᠬᠠᠠᠳᠤᠵᠤ᠂ ᠳᠠᠳᠠᠨ ᠢ ᠰᠤᠷᠭᠠᠨ ᠭᠦᠮᠦᠵᠢᠭᠦᠯᠭᠦ ᠪᠠᠷ ᠭᠤᠤᠯ ᠪᠣᠯᠭᠠᠬᠤ ᠭᠡᠷᠡᠭ᠍ᠳᠡᠢ᠂ ᠬᠠᠷᠢᠨ ᠰᠢᠦᠡᠭᠡᠯ ᠦᠭ‍ᠭᠦ᠂ ᠰᠤᠷᠭᠠᠭᠤᠯᠢ ᠡᠴᠡ ᠭᠦᠭᠡᠭᠡᠭᠦ ᠵᠡᠷᠭᠡ ᠪᠠᠷ ᠠᠶᠤᠯᠭᠠᠨ ᠰᠦᠷᠳᠡᠭᠦᠯᠵᠤ ᠪᠣᠯᠬᠤ ᠦᠭᠡᠶ᠃ ᠭᠦᠮᠤᠨ ᠢ ᠠᠭᠤᠴᠢᠯᠠᠬᠤ ᠪᠣᠯ ᠡᠷᠭᠢᠮ ᠳᠡᠭᠡᠳᠤ ᠰᠤᠷᠳᠠᠯ ᠮᠦᠨ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤ

ᠵᠤᠬᠢᠶᠠᠭᠴᠢ᠄ ᠪᠣᠤ ᠬᠠᠰ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3744
ᠴᠠᠭ᠄ 2011 ᠤᠨ ᠤ 01 ᠰᠠᠷ᠎ᠠ ᠶᠢᠨ 12