ᠠᠷᠠᠯ ᠤᠨ ᠱᠠᠷ

ᠠᠷᠠᠯ ᠤᠨ ᠱᠠᠷ

ᠠᠷᠠᠯᠳᠤ ᠳᠡᠷᠭᠡ ᠪᠠᠨ ᠴᠢᠷᠦᠭ᠍ᠰᠡᠭᠡᠷ

ᠠᠯᠤᠰ ᠭᠢᠵᠠᠭᠠᠷ ᠢ ᠵᠤᠷᠢᠭᠠᠤᠨ

ᠠᠯᠬᠤᠭᠰᠠᠭᠠᠷ᠂ ᠲ᠋ᠡᠮᠡᠤᠯᠡᠭ᠍ᠰᠡᠭᠡᠷ᠂ ᠵᠢᠳᠭᠦᠭ᠍ᠰᠡᠭᠡᠷ ᠶᠠᠪᠣᠨ᠎ᠠ


ᠦᠨᠳᠦᠷ ᠳᠡᠭ᠍ᠷᠢ

ᠭᠦᠮᠦᠷᠢᠭ᠍ᠰᠡᠨ ᠳᠤᠭᠤᠭ᠎ᠠ ᠰᠢᠭ

ᠥᠭᠡᠷ ᠤᠨ ᠡᠪᠠᠷ ᠲᠤ ᠮᠦᠷᠭᠦᠭ᠍ᠳᠡᠭᠡᠳ

ᠵᠥᠰᠦᠭ᠍ᠳᠡᠭ᠍ᠰᠡᠭᠡᠷ᠂   ᠵᠢᠷᠤᠭᠳᠠᠭᠰᠠᠭᠠᠷ᠂   ᠢᠷᠠᠭᠳᠠᠭᠰᠠᠭᠠᠷ ᠬᠤᠴᠤᠷᠤᠨ᠎ᠠ


ᠦᠷᠭᠡᠨ ᠳᠠᠯ᠎ᠠ

ᠥᠩᠭᠡᠷᠡᠭᠦ ᠳᠡᠯᠡᠭᠡᠢ

ᠥᠭᠡᠷ ᠳᠡᠷᠭᠡᠨ ᠤ ᠭᠦᠷᠳᠤᠨ ᠳᠤᠭᠤᠤᠷ

ᠦᠩᠭᠦᠷᠢᠳᠦᠭ᠍ᠰᠡᠭᠡᠷ᠂ ᠪᠦᠮᠪᠦᠷᠢᠳᠦᠭ᠍ᠰᠡᠭᠡᠷ᠂ ᠡᠷᠭᠢᠯᠳᠦᠭ᠍ᠰᠡᠭᠡᠷ ᠣᠳᠤᠨ᠎ᠠ


ᠦᠰᠤᠷᠴᠤ ᠳᠡᠭ᠍ᠳᠡᠭᠦ ᠳᠠᠤᠯᠠᠢ

ᠥᠭᠡᠷ ᠳᠡᠷᠭᠡᠨ ᠤ ᠭᠦᠯ ᠳᠤ ᠨᠢᠴᠠᠷᠠᠭᠠᠤᠨ

ᠦᠨᠡᠨ ᠤ ᠳᠤᠬᠠᠢ ᠦᠯᠢᠭᠡᠷ

ᠡᠳᠦᠷ ᠪᠣᠯᠭᠠᠨ ᠣᠷᠤᠰᠤᠨ᠎ᠠ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠬᠠᠷᠢᠶ᠎ᠠ᠄ ᠰᠢᠯᠦᠭ
ᠳᠠᠷᠤᠮ᠄ 1881
ᠴᠠᠭ᠄ 2012 ᠤᠨ ᠤ 09 ᠰᠠᠷ᠎ᠠ ᠶᠢᠨ 07