ᠲᠦᠪᠡᠳ ᠣᠨᠢᠰᠤ
(ᠭᠠᠳᠠᠨ᠎ᠠ ᠨᠢᠭᠡ)


      

ᠲᠦᠯᠵᠢᠭᠦ ᠶᠢ ᠭᠦᠰᠡᠵᠤ ᠭᠤᠷᠢᠳᠠᠭᠰᠠᠨ

ᠲᠦᠮᠡ ᠪᠣᠮᠠᠨ ᠬᠤᠮᠠᠭᠢ ᠬᠤᠷᠤᠬᠠᠢ ᠵᠢ

ᠲᠦᠨᠡᠷ ᠬᠠᠷᠠᠩᠭ᠋ᠤᠢ ᠨᠥᠭᠡᠨ ᠭᠡᠷ ᠲᠤ

ᠳᠡᠩᠭᠡᠭᠡ ᠳᠠᠮᠢᠷ ᠢ ᠨᠢ ᠪᠠᠷᠠᠳᠠᠯ᠎ᠠ ᠬᠤᠷᠢᠭᠠᠤᠨ᠂

ᠲᠦᠪᠡᠳ ᠣᠨᠢᠰᠤ ᠪᠠᠷ ᠣᠨᠢᠰᠤᠯᠠᠨ

ᠲᠦᠯᠭᠢᠭᠦᠷ ᠢ ᠨᠢ ᠴᠢᠩᠭ᠎ᠠ ᠠᠳᠬᠤᠭᠰᠠᠨ ᠢ

ᠲᠦᠯᠦᠪᠯᠡᠭᠡᠳᠤ ᠦᠷᠠᠵᠢᠯ ᠤᠨ ᠠᠵᠢᠯ ᠭᠡᠨ᠎ᠡ᠃


      ᠡᠮᠨᠡᠯᠭᠡ ᠳᠤ ᠰᠠᠭᠤᠬᠤ


ᠠᠷᠳᠠᠭ ᠪᠣᠷᠳᠠᠭ ᠡᠷᠯᠢᠭ᠌ ᠤᠨ ᠡᠯᠴᠢ ᠵᠢᠨ

ᠠᠷᠪᠠᠭ᠎ᠠ ᠰᠡᠷᠪᠠᠭᠡ ᠲᠡᠶ ᠮᠠᠰᠠ ᠵᠡᠪᠰᠡᠭ᠌ ᠡᠴᠡ

ᠠᠶᠤᠵᠤ ᠰᠦᠷᠳᠠᠨ ᠵᠢᠷᠦᠭᠡᠰᠢᠶᠡᠭᠦ ᠳᠡᠭᠡᠨ ᠊᠊᠊᠊᠊᠊᠊᠊᠊᠊᠊᠊᠊᠊᠊

ᠠᠳᠬᠤ ᠠᠳᠬᠤ

ᠠᠷᠠᠤᠨ ᠤᠨ ᠵᠤᠭᠤᠰ ᠵᠢᠠᠨ

ᠠᠪᠳᠠᠷ᠎ᠠ ᠡᠴᠡ ᠪᠠᠨ ᠰᠤᠭᠤᠯᠬᠤ ᠪᠣᠶᠤ

ᠠᠬ᠎ᠠ ᠳᠡᠭᠦᠤ ᠡᠴᠡ ᠪᠠᠨ ᠵᠢᠭᠡᠯᠡᠵᠤ

ᠠᠮᠢ ᠨᠠᠰᠤᠨ ᠤ ᠣᠷᠤᠨ ᠳ᠋ᠠᠭᠠᠨ

ᠠᠪᠰᠠᠨ ᠳᠤ ᠭᠢᠭᠦ ᠶᠢ ᠭᠡᠯᠡᠨ᠎ᠡ᠃


ᠵᠤᠬᠢᠶᠠᠭᠴᠢ ᠶᠢᠨ ᠬᠠ‍‌ᠶᠢᠭ ᠄ ᠦᠪᠣᠷ

ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1623
ᠴᠠᠭ᠄ 2011 ᠤᠨ ᠤ 03 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ