ᠰᠡᠭᠡᠭᠡᠷᠡᠯ

ᠠᠷᠢᠭᠢ ᠣᠤᠭᠤᠵᠤ ᠵᠤᠪᠠᠭᠰᠠᠭᠠᠷ

ᠠᠭᠢᠵᠤ ᠯᠠ ᠣᠤᠭᠤᠬᠤ ᠦᠭᠡᠶ ᠭᠡᠵᠤ

ᠳᠠᠭᠢᠵᠤ ᠪᠣᠤ ᠠᠮᠠᠯᠳᠠᠶ᠎ᠠ᠂

ᠠᠷᠢᠭᠢ ᠪᠠᠨ ᠬᠣᠢ᠌ᠰᠢᠳᠠ ᠪᠢᠳᠠ

ᠪᠠᠭ᠎ᠠ ᠰᠢᠭ ᠣᠤᠭᠤᠶ᠎ᠠ᠃

ᠠᠮᠢᠳᠤᠷᠠᠯ ᠪᠠᠭ᠎ᠠ ᠭᠦᠴᠢᠷᠳᠡᠭ᠍ᠰᠡᠭᠡᠷ

ᠠᠢ︕ ᠱᠠᠯ ᠳᠠᠮᠠᠢ ᠭᠡᠵᠤ

ᠭᠡᠵᠢᠶᠡᠳᠡ ᠪᠣᠤ ᠰᠡᠭᠦᠷᠡᠰᠦᠯᠡᠶ᠎ᠡ᠂

ᠠᠯᠭᠤᠷ ᠠᠭᠠᠵᠢᠮ ᠶᠢᠡᠷ

ᠳᠠᠮᠠᠴᠠᠵᠤ ᠶᠠᠪᠣᠶ᠎ᠠ᠃

ᠦᠨᠡᠨ ᠶᠢᠡᠷ ᠶᠢᠡᠨ ᠶᠠᠪᠣᠪᠠᠯ ᠭᠡᠵᠤ

ᠪᠢᠳᠠ ᠪᠣᠤ ᠢᠳᠡᠭᠡᠶ᠎ᠡ᠂

ᠥᠭᠡᠷ ᠳᠡᠷᠭᠡ ᠪᠠᠷ ᠭᠡᠵᠢᠶ᠎ᠡ

ᠳᠠᠤᠯᠠᠢ ᠭᠦᠢᠴᠡᠭᠦ ᠪᠢᠯᠠ︖

ᠪᠠᠯᠠᠨ ᠶᠢᠡᠨ ᠢᠳᠠᠨ᠎ᠠ ᠭᠡᠵᠤ

ᠪᠠᠰᠠ ᠪᠣᠤ ᠵᠠᠯᠬᠠᠭᠤᠷᠠᠶ᠎ᠠ᠂

ᠪᠠᠯᠠᠨ ᠪᠣᠳᠠᠭ᠎ᠠ ᠪᠠᠷ ᠶᠠᠭᠠᠭᠢᠵᠤ

ᠪᠠᠩᠰᠢ ᠰᠤᠯᠢᠨ᠎ᠠ ᠪᠢᠯᠠ︖

ᠬᠤᠷᠤᠳ ᠶᠢᠡᠨ ᠪᠢᠳᠠ

ᠬᠤᠳᠠᠯᠳᠤᠵᠤ ᠰᠤᠷᠤᠶ᠎ᠠ᠂

ᠬᠤᠷᠭᠤ ᠪᠠᠨ ᠪᠢᠳᠠ

ᠣᠨᠢᠰᠤᠯᠠᠵᠤ ᠰᠤᠷᠤᠶ᠎ᠠ᠃

ᠬᠤᠯᠠ ᠶᠢ ᠪᠢᠳᠠ

ᠬᠠᠷᠠᠵᠤ ᠰᠤᠷᠤᠶ᠎ᠠ᠂

ᠬᠤᠵᠢᠮ ᠶᠢᠡᠨ ᠪᠢᠳᠠ

ᠪᠣᠳᠤᠵᠤ ᠰᠤᠷᠤᠶ᠎ᠠ᠃

ᠮᠠᠯ ᠶᠢᠡᠨ ᠥᠵᠡᠭᠡᠤᠨ ᠯᠠ

ᠮᠠᠨᠢ ᠪᠠᠨ ᠳᠤᠭᠠᠯᠠᠭᠠᠤᠨ ᠯᠠ

ᠮᠢᠬ᠎ᠠ ᠪᠠᠨ ᠢᠳᠡᠭᠡᠤᠨ ᠯᠠ

ᠮᠠᠩᠰᠢᠭᠤᠷᠠᠵᠤ ᠭᠡᠪᠳᠡᠭᠡᠤᠨ ᠯᠠ

ᠠᠮᠢᠳᠤᠷᠠᠵᠤ ᠣᠳᠤ

ᠪᠣᠯᠬᠤ ᠦᠭᠡᠶ ᠪᠣᠯᠵᠠᠢ ᠰᠢᠤ︕

ᠮᠠᠰᠢᠨ ᠤ ᠳᠠᠭᠤ

ᠮᠠᠯ ᠤᠨ ᠮᠥᠭᠡᠷᠡᠭᠡ

ᠮᠠᠷᠭᠠᠰᠢ ᠶᠢᠨ ᠮᠡᠳᠡᠭᠡ

ᠥᠴᠦᠭᠡᠳᠦᠷ ᠤᠨ ᠰᠤᠨᠢᠨ

ᠮᠠᠨ ᠢ ᠣᠳᠤ

ᠰᠢᠬᠠᠮᠳᠠᠭᠤᠯᠵᠤ ᠡᠭᠢᠯᠡᠵᠡᠢ ᠰᠢᠤ︕

ᠨᠤᠮ ᠢᠯᠡᠭᠦᠤ ᠣᠩᠰᠢᠬᠤ ᠰᠠᠨ

ᠯᠤᠩᠬᠤ ᠳᠤᠳᠠᠭᠤ ᠭᠠᠷᠭᠠᠬᠤ ᠰᠠᠨ

ᠨᠤᠮᠤᠬᠠᠨ ᠵᠠᠩ ᠶᠢᠡᠨ ᠬᠠᠯᠠᠬᠤ ᠰᠠᠨ

ᠨᠤᠭᠤᠠᠵᠠᠶᠠᠭ᠎ᠠ ᠪᠠᠨ ᠠᠪᠴᠢᠷᠠᠬᠤ ᠰᠠᠨ

ᠬᠤᠪᠢ ᠵᠠᠶᠠᠭ᠎ᠠ ᠪᠠᠨ

ᠥᠭᠦᠨ ᠪᠣᠤ ᠢᠳᠡᠭᠡ

ᠳᠠᠷᠠ ᠱᠠᠯ ᠬᠤᠳᠠᠯ︕

ᠳᠠ ᠬᠤᠪᠢ ᠪᠠᠶ᠎ᠠ ᠪᠠᠨ

ᠦᠪ ᠦᠨᠡᠨ ᠢᠳᠡᠭᠡ

ᠳᠠᠷᠠ ᠵᠢᠪ ᠵᠢᠩᠭᠢᠨᠢ︕

ᠨᠣᠢ᠌ᠷᠮᠤᠭᠯᠠᠵᠤ ᠪᠠᠢ᠌ᠭᠰᠠᠨ ᠴᠡᠴᠡᠭ᠌

ᠰᠢᠭᠦᠳᠡᠷᠢ ᠪᠠᠷ ᠰᠠᠷᠠᠯ᠎ᠠ ᠰᠢᠤ᠂

ᠨᠤᠷᠮᠠᠯᠠᠵᠤ ᠪᠠᠢ᠌ᠭᠰᠠᠨ ᠭᠠᠯ

ᠰᠠᠯᠭᠢᠨ ᠶᠢᠡᠷ ᠰᠠᠷᠠᠯ᠎ᠠ ᠰᠢᠤ᠃

ᠨᠤᠭᠳᠤ ᠪᠠᠨ ᠴᠢᠷᠦᠭ᠍ᠰᠡᠨ ᠮᠤᠷᠢ

ᠢᠠᠴᠠᠭᠠᠬᠤ ᠪᠠᠷ ᠰᠠᠷᠠᠯ᠎ᠠ ᠰᠢᠤ᠂

ᠨᠤᠮᠤᠢ ᠪᠠᠢ᠌ᠭᠰᠠᠨ ᠪᠢᠳᠠ

ᠭᠡᠭᠡᠭ᠍ᠳᠡᠭᠦ ᠪᠠᠷ ᠰᠡᠭᠡᠭᠡᠷᠡᠯ᠎ᠡ ᠰᠢᠤ ᠁᠁

1993᠂ 9᠂ 18

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2697
ᠴᠠᠭ᠄ 2005 ᠤᠨ ᠤ 06 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ