ᠴᠡᠴᠡᠭ᠌ ᠳᠠᠷᠢᠭᠰᠠᠨ ᠳᠡᠭ᠍ᠳᠡᠭᠡᠭᠡᠢ

ᠳᠤᠯᠤᠭᠠᠨ ᠭᠡᠯᠡᠳᠤ ᠳᠡᠭ᠍ᠳᠡᠭᠡᠭᠡᠢ

ᠳᠠᠯ᠎ᠠ ᠪᠠᠨ ᠰᠠᠨᠠᠵᠤ ᠠᠢ᠌ᠰᠤᠢ

ᠳᠦᠭ᠌ ᠲᠦᠮᠡᠨ ᠭᠠᠵᠠᠷ ᠠᠶᠠᠯᠠᠵᠤ

ᠳᠦᠭ᠍ᠰᠢᠭᠦᠷᠢ ᠰᠠᠭᠠᠤᠨ ᠢ ᠳᠠᠪᠠᠨ

ᠳᠠᠩᠳᠠᠵᠤ ᠳᠠᠷᠪᠠᠨ ᠶᠠᠪᠣᠭᠰᠠᠭᠠᠷ

ᠳᠡᠷᠭᠡᠳᠡ ᠮᠢᠨᠢ ᠢᠷᠡᠭᠦ ᠳ᠋ᠤ

ᠳᠡᠩᠳᠡᠭᠦᠤ ᠭᠦᠭᠡᠷᠡᠭᠦᠨ ᠴᠢᠮ᠎ᠠ ᠳ᠋ᠠᠭᠠᠨ

ᠳᠠᠪᠤᠨ ᠳᠠᠩᠰᠤᠭ ᠤᠨ ᠴᠤᠪᠣᠭᠤᠴᠤᠯ

ᠳᠡᠷᠳᠡᠭᠡ ᠬᠤᠯᠠ ᠡᠷᠭᠢ ᠡᠴᠡ

ᠳᠠᠭᠤᠨ ᠳᠤ ᠴᠢᠨᠢ ᠣᠶᠠᠷᠠᠵᠤ ᠢᠷᠠᠯ᠎ᠠ᠃

ᠳᠤᠭᠤᠯ ᠳᠤᠭᠤᠯ ᠨᠢᠯᠪᠣᠰᠤ ᠳᠠᠢ

ᠮᠠᠩᠨᠠᠢ ᠶᠢ ᠳᠠᠨᠢ ᠢᠯᠪᠢᠵᠤ ᠵᠤᠭᠰᠤᠨ᠎ᠠ᠃

ᠦᠷ ᠤᠨ ᠰᠢᠷᠭᠠᠯ ᠭᠡᠭᠡ ᠪᠠᠷ

ᠡᠷᠦᠭᠡ ᠶᠢ ᠮᠢᠨᠢ ᠭᠡᠷᠡᠯᠳᠦᠭᠦᠯᠵᠤ᠂

ᠥᠶ‍ᠦᠭ᠌ ᠳᠤᠷᠭᠠᠨ ᠬᠤᠭᠤᠯᠠᠢ ᠪᠠᠷ

ᠨᠤᠳᠤᠭ ᠶᠢᠡᠨ ᠱᠠᠭᠰᠢᠳᠠᠭ ᠤᠨ ᠣᠴᠢᠷ

ᠢᠵᠢ ᠶᠢᠨ ᠬᠠᠭᠤᠴᠢᠨ ᠢᠷᠦᠭᠡᠯ ᠳᠠᠢ

ᠡᠪᠦᠭᠡ ᠶᠢᠨ ᠠᠭᠤᠳᠠᠮ ᠨᠤᠳᠤᠭ ᠤᠨ

ᠡᠩᠭᠡ ᠮᠠᠠᠳᠤ ᠳᠤᠳᠤᠮᠳᠠᠯᠳᠤ

ᠳᠠᠪᠤᠨ ᠡᠷᠳᠡᠨᠢ᠂ ᠵᠢᠷᠭᠤᠭᠠᠨ ᠠᠮᠢᠳᠠᠤᠨ

ᠦᠷᠯᠦᠭᠡ ᠶᠢᠨ ᠭᠠᠠᠳᠠᠷᠢ ᠳᠤᠶᠠᠭᠠᠨ ᠳ᠋ᠤ

ᠴᠠᠭ ᠤᠨ ᠰᠠᠢ᠌ᠬᠠᠨ ᠢ ᠮᠡᠳᠡᠭᠡᠯᠡᠭᠦ ᠳᠤ

ᠰᠢᠭᠦᠳᠡᠷᠢ ᠶᠢᠨ ᠮᠥᠭᠦᠯᠢᠭ᠌ ᠰᠢᠭᠢᠦᠡᠭᠡᠳᠡᠢ

ᠴᠡᠴᠡᠭ᠌ ᠤᠨ ᠰᠤᠷᠭᠤᠭ ᠴᠤᠮᠤᠷᠯᠢᠭ ᠤᠳ ᠨᠢ

ᠴᠤᠮᠪᠣᠭᠤᠷ ᠰᠠᠢ᠌ᠬᠠᠨ ᠬᠤᠰᠢᠭᠤ ᠶᠢ ᠴᠢᠨᠢ

ᠳᠠᠭᠢᠨ ᠳᠠᠭᠢᠨ ᠦᠨᠦᠰᠴᠤ ᠪᠠᠢ᠌ᠯ᠎ᠠ᠃


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠬᠤᠪᠢᠶᠠᠷᠢ ᠳᠡᠭᠡᠳᠤ ᠰᠤᠷᠭᠠᠭᠤᠯᠢ

ᠵᠤᠬᠢᠶᠠᠭᠴᠢ᠄ ᠢ᠊·ᠭᠡᠰᠢᠭ᠍ᠳᠤ
ᠬᠠᠷᠢᠶ᠎ᠠ᠄ ᠰᠢᠯᠦᠭ
ᠳᠠᠷᠤᠮ᠄ 1915
ᠴᠠᠭ᠄ 2011 ᠤᠨ ᠤ 03 ᠰᠠᠷ᠎ᠠ ᠶᠢᠨ 01