ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ

ᠭᠦᠭᠡᠷᠡᠭᠦ ᠨᠠᠷᠠ ᠨᠢ ᠣᠨᠢᠶᠠᠷ ᠦᠭᠡᠶ ᠬᠤᠷᠴᠠ

ᠭᠦᠭᠡ ᠳᠡᠭ᠍ᠷᠢ ᠨᠢ ᠪᠣᠭᠢᠷᠳᠠᠯ ᠦᠭᠡᠶ ᠴᠡᠯᠮᠡᠭ᠌

ᠭᠦᠭᠡᠮᠳᠡᠭ᠌ ᠣᠰᠤ ᠨᠢ ᠪᠣᠷᠵᠠᠩ ᠦᠭᠡᠶ ᠴᠠᠪᠠᠷ

ᠭᠦᠮᠤᠨ ᠠᠷᠠᠤᠨ ᠨᠢ ᠭᠠᠵᠢ ᠦᠭᠡᠶ ᠴᠠᠢ᠌ᠯᠭᠠᠨ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠡ


ᠭᠦᠢᠯᠡᠰᠤᠨ ᠴᠡᠴᠡᠭ᠌ ᠨᠢ ᠵᠤᠯᠭᠠᠷᠠᠵᠤ ᠪᠠᠷᠠᠬᠤ ᠪᠠᠷ

ᠡᠩᠭᠡᠷ ᠤᠨ ᠨᠤᠭᠤᠭ᠎ᠠ ᠰᠤᠭᠤᠷᠠᠵᠤ ᠡᠭᠢᠯᠡᠳᠡᠭ᠌

ᠭᠦᠮᠤᠨ ᠤ ᠭᠠᠵᠠᠷ ᠡᠪᠦᠯᠵᠢᠭ᠍ᠰᠡᠨ ᠬᠠᠷᠢᠶᠠᠴᠠᠢ

ᠡᠭᠦᠷ ᠶᠢᠡᠨ ᠰᠠᠨᠠᠭᠠᠤᠨ ᠪᠣᠴᠠᠭᠠᠤᠨ ᠢᠷᠡᠳᠡᠭ᠌

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠭᠦᠭ᠍ᠰᠢᠨ ᠣᠯᠢᠶᠠᠰᠤ ᠨᠢ ᠣᠩᠭ᠋ᠠᠷᠢᠯ ᠵᠤᠯᠭᠠᠵᠤ

ᠰᠠᠯᠠᠭ᠎ᠠ ᠮᠦᠴᠢᠷ ᠲᠡᠭᠡᠨ ᠰᠢᠪᠠᠭᠤᠳ ᠶᠢᠡᠨ ᠵᠢᠷᠭᠢᠭᠦᠯᠳᠡᠭ᠌

ᠦᠵᠦᠮ ᠳᠡᠭᠦᠵᠢᠩᠨᠡᠭ᠍ᠰᠡᠨ ᠭᠦᠷᠢᠶᠡᠨ ᠬᠤᠩᠭᠢᠯ ᠪᠠᠷ

ᠰᠠᠷᠠᠨ ᠤ ᠳᠤᠶᠠᠭ᠎ᠠ ᠵᠥᠭᠡᠯᠡᠨ ᠠᠰᠬᠠᠷᠠᠳᠠᠭ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠵᠣᠢ᠌ᠯ ᠤᠨ ᠵᠢᠮᠢᠰ ᠵᠡᠷᠭᠡᠪᠠᠷ ᠪᠣᠯᠪᠠᠰᠤᠷᠠᠬᠤ ᠪᠠᠷ

ᠠᠢ᠌ᠯ ᠤᠨ ᠬᠡᠦᠬᠡᠳ ᠲᠤ ᠳᠦᠭᠡᠵᠤ ᠪᠠᠢ᠌ᠳᠠᠭ

ᠴᠤᠯ ᠪᠠᠢ᠌ᠭᠠᠯᠢ ᠶᠢᠨ ᠡᠯᠳᠡᠪ ᠨᠤᠭᠤᠭ᠎ᠠ

ᠥᠩᠭᠡ ᠢᠯᠭᠠᠷᠠᠨ ᠬᠠᠰᠢᠶ᠎ᠠ ᠴᠢᠮᠡᠳᠡᠭ᠌

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠪᠣᠷᠳᠤᠭᠠᠨ ᠰᠠᠭᠤᠷᠢᠨ ᠤ ᠨᠤᠭᠤᠭᠠᠨ ᠰᠢᠰᠢ

ᠣᠯᠠᠭᠠᠨ ᠵᠢᠯᠠᠭ᠎ᠠ ᠪᠠᠨ ᠪᠠᠷᠳᠠᠮ ᠭᠠᠢ᠌ᠬᠠᠭᠤᠯᠵᠤ

ᠪᠣᠷᠤ ᠳᠤᠪᠣ ᠶᠢᠨ ᠨᠠᠷᠢᠮᠤ ᠶᠢᠨ ᠳᠠᠷᠢᠶ᠎ᠠ

ᠣᠶᠠᠬᠠᠨ ᠵᠢᠪᠠᠷ ᠲᠤ ᠠᠢ᠌ᠵᠢᠮ ᠲᠡᠶ ᠨᠠᠢ᠌ᠭᠤᠭᠰᠠᠨ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠬᠤᠷᠤᠭᠤ ᠵᠤᠵᠠᠭᠠᠨ ᠦᠷᠤᠮ᠎ᠠ ᠰᠠᠭᠤᠳᠠᠭ

ᠭᠦᠷᠦᠭ᠍ᠴᠢ ᠦᠨᠢᠶᠠᠨ ᠤ ᠠᠷᠢᠭᠤᠨ ᠰᠦ᠋ ᠲᠡᠶ

ᠨᠠᠷᠠᠨ ᠤ ᠭᠡᠷᠡᠯ ᠳᠤ ᠳᠤᠰᠤ ᠭᠤᠭᠤᠵᠢᠳᠠᠭ

ᠨᠠᠮᠤᠷ ᠥᠩᠰᠢᠭ᠍ᠰᠡᠨ ᠰᠢᠷᠭᠠᠯ ᠬᠤᠷᠤᠳ ᠲᠡᠶ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠰᠠᠭᠰᠤ ᠰᠠᠭᠰᠤ ᠪᠠᠷ ᠥᠡᠳᠡᠭᠡ ᠳᠡᠭᠦᠵᠤ

ᠰᠠᠨᠠᠪᠠᠯ ᠨᠢᠭᠡ ᠱᠦᠯᠦ ᠣᠤᠭᠤᠳᠠᠭ

ᠭᠠᠯ ᠲᠦᠯᠡᠳᠡᠭ᠌ ᠬᠠᠯᠠᠭᠤᠨ ᠬᠠᠩᠵᠤ ᠲᠡᠶ

ᠭᠠᠩ ᠳᠦᠭᠦᠷᠡᠡᠩ ᠭᠦᠯᠳᠡᠭᠦᠤ ᠮᠢᠬ᠎ᠠ ᠲᠡᠶ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠭᠢᠮᠢ ᠶᠢᠨ ᠪᠣᠷᠳᠤᠭᠤᠷ ᠳᠤᠭᠤᠵᠤ ᠭᠢᠭᠦ ᠦᠭᠡᠶ

ᠦᠪᠡᠷ ᠤᠨ ᠳᠠᠷᠢᠭᠰᠠᠨ ᠪᠣᠳᠠᠭ᠎ᠠ ᠪᠠᠨ ᠢᠳᠡᠳᠡᠭ᠌

ᠬᠠᠳᠠᠨ ᠡᠴᠡ ᠭᠠᠷᠳᠠᠭ ᠬᠤᠤᠠᠳᠤᠭ ᠤᠨ ᠣᠰᠤ ᠪᠠᠨ

ᠬᠠᠠᠳᠠᠯ᠎ᠠ ᠣᠤᠭᠤᠭᠰᠠᠨ ᠴᠤ ᠭᠡᠮ ᠰᠠᠭᠤᠬᠤ ᠦᠭᠡᠶ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠨᠠᠮ ᠰᠡᠯᠡᠭᠦᠭᠡᠨ ᠪᠦᠷᠦᠢ ᠶᠢᠨ ᠳᠤᠶᠠᠭ᠎ᠠ

ᠠᠭᠤᠯᠠᠰ ᠤᠨ ᠣᠷᠣᠢ᠌ᠤᠨ ᠢ ᠠᠭᠠᠵᠢᠮ ᠥᠨᠦᠰᠳᠡᠭ᠌

ᠨᠠᠮᠤᠷ ᠤᠨ ᠨᠠᠪᠴᠢᠰ ᠤᠨ ᠣᠨᠠᠯᠴᠠᠬᠤ ᠴᠢᠮᠡᠭᠡ

ᠦᠳᠡᠰᠢ ᠶᠢᠨ ᠴᠤᠩᠬᠤ ᠪᠠᠷ ᠳᠤᠳᠤᠬᠠᠨ ᠰᠤᠨᠤᠰᠳᠠᠳᠠᠭ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ


ᠭᠦᠭᠦᠭᠡ ᠡᠪᠦᠯ ᠤᠨ ᠨᠠᠮᠵᠢᠭᠤᠨ ᠦᠷᠯᠦᠭᠡ

ᠭᠦᠯ ᠳᠡᠯᠡᠭᠡᠢ ᠶᠢᠨ ᠴᠢᠬᠠᠷᠠᠬᠤ ᠴᠢᠮᠡᠭᠡᠨ ᠳ᠋ᠤ

ᠭᠦᠡᠵᠢᠯᠡ ᠡᠴᠡ ᠪᠠᠨ ᠪᠣᠯᠳᠠᠢ᠌ᠭᠰᠠᠨ ᠭᠦᠤ ᠮᠢᠨᠢ

ᠴᠠᠰᠤ ᠣᠷᠤᠭᠰᠠᠨ ᠦᠦ ︖ ᠭᠡᠵᠤ ᠥᠡᠳᠡᠢ᠌ᠳᠡᠭ᠌

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠡ


ᠬᠡᠦᠬᠡᠳ ᠪᠠᠭᠠᠴᠤᠳ ᠡᠷᠡᠭᠦᠯ ᠪᠣᠢ᠌ᠵᠢᠳᠠᠭ

ᠭᠦᠭ᠍ᠰᠢᠨ ᠨᠠᠰᠤᠳᠠᠤᠨ ᠴᠢᠯᠦᠭᠡᠳᠡᠢ ᠭᠦᠳᠡᠯᠳᠡᠭ᠌

ᠬᠠᠮᠢᠭᠠᠰᠢ ᠪᠠᠨ ᠬᠠᠷᠠᠪᠠᠴᠤ ᠨᠢᠳᠤ ᠰᠠᠷᠠᠭᠤᠯ

ᠬᠠᠮᠢᠭ᠎ᠠ ᠶᠠᠪᠣᠪᠠᠴᠤ ᠰᠡᠳᠭᠢᠯ ᠳᠡᠨᠢᠭᠦᠨ

ᠭᠦᠳᠡᠭᠡ ᠭᠡᠷ ᠮᠢᠨᠢ ᠡᠷᠢᠭ᠍ᠳᠡᠭᠡᠳ ᠪᠠᠢ᠌ᠨ᠎ᠠ᠃


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2482
ᠴᠠᠭ᠄ 2011 ᠤᠨ ᠤ 03 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ