ᠠᠯᠳᠠ ᠪᠠᠷ ᠴᠢᠮᠡᠭᠦ ᠭᠡᠵᠤ ᠡᠨᠡ ᠪᠠᠶ᠎ᠠ ᠮᠢᠨᠢ ᠳᠦᠷᠦᠭᠡ ᠥᠭᠡᠢ

ᠠᠯᠳᠠ ᠪᠠᠷ ᠴᠢᠮᠡᠭᠦ ᠭᠡᠵᠤ

ᠡᠨᠡ ᠪᠠᠶ᠎ᠠ ᠮᠢᠨᠢ ᠳᠦᠷᠦᠭᠡ ᠥᠭᠡᠢ

ᠡᠭᠡ ᠣᠷᠤᠨ ᠤ ᠪᠠᠨ ᠲᠦᠯᠦᠭᠡ ᠪᠣᠯ

ᠥᠭᠦᠭᠦ ᠭᠡᠵᠤ ᠳᠦᠷᠦᠭ᠍ᠰᠡᠨ ᠶᠤᠮ

ᠡᠩᠭᠡ ᠳᠠᠢ᠌ᠪᠣᠩ ᠤᠨ ᠲᠦᠯᠦᠭᠡ ᠪᠣᠯ

ᠪᠠᠢ᠌ᠯᠳᠤᠬᠤ ᠭᠡᠵᠤ ᠳᠦᠷᠦᠭ᠍ᠰᠡᠨ ᠶᠤᠮ

ᠠᠷᠢᠭᠤᠨ ᠴᠢᠰᠤ ᠪᠠᠨ ᠣᠷᠤᠰᠬᠠᠠᠰᠠᠨ ᠪᠠᠭᠠᠳᠤᠷ ᠤᠳ ᠤᠨ

ᠠᠯᠳᠠᠷ ᠭᠠᠪᠢᠶ᠎ᠠ ᠶᠢ ᠳᠠᠭᠤᠯᠠᠬᠤ ᠭᠡᠵᠤ ᠳᠦᠷᠦᠭ᠍ᠰᠡᠨ ᠶᠤᠮ

ᠠᠵᠠᠢ ᠪᠣᠭᠤᠷᠤᠯ ᠡᠪᠦᠭᠡ ᠳᠡᠭᠡᠳᠦᠰ ᠤᠨ ᠵᠢᠠᠨ

ᠠᠯᠳᠠᠨ ᠳᠡᠦᠭᠡ ᠶᠢ ᠳᠤᠷᠠᠰᠬᠤ ᠭᠡᠵᠤ ᠳᠦᠷᠦᠭ᠍ᠰᠡᠨ ᠶᠤᠮ

ᠣᠷᠳᠤ ᠶᠢᠨ ᠳᠠᠭᠤᠨ ᠤ ᠡᠭᠡᠰᠢᠭ᠌ ᠢ ᠨᠢ

ᠣᠶᠠᠷᠠᠩᠬᠠᠨ ᠰᠤᠨᠤᠰᠬᠤ ᠭᠡᠵᠤ ᠳᠦᠷᠦᠭ᠍ᠰᠡᠨ ᠶᠤᠮ

ᠢᠷᠠᠭᠤ ᠨᠠᠢ᠌ᠷᠠᠭ ᠤᠨ ᠭᠢᠨᠢ ᠪᠠᠳᠠᠭ ᠢ ᠨᠢ

ᠣᠶᠠᠩᠭ᠋ᠠᠯᠠᠨ ᠭᠡᠯᠡᠭᠦ ᠭᠡᠵᠤ ᠳᠦᠷᠦᠭ᠍ᠰᠡᠨ ᠶᠤᠮ

ᠮᠤᠷᠢᠨ ᠬᠤᠭᠤᠷ ᠤᠨ ᠭᠢᠨᠢ ᠠᠶᠠᠯᠭᠤ ᠳ᠋ᠤᠨᠢ

ᠰᠤᠭᠳᠤᠭᠤᠷᠤᠨ ᠭᠦᠯᠴᠦᠭᠦᠷᠡᠭᠦ ᠭᠡᠵᠤ ᠳᠦᠷᠦᠭ᠍ᠰᠡᠨ ᠶᠤᠮ

ᠮᠤᠷᠢᠨ ᠳᠠᠯ ᠳᠡᠭᠡᠭᠦᠷ ᠭᠡᠢ᠌ᠰᠭᠦ

ᠰᠠᠯᠭᠢ ᠶᠢ ᠨᠢ ᠥᠨᠦᠷᠯᠡᠭᠦ ᠭᠡᠵᠤ ᠳᠦᠷᠦᠭ᠍ᠰᠡᠨ ᠶᠤᠮ

ᠡᠵᠢ ᠠᠪᠣ ᠬᠤᠶᠠᠷ ᠡᠴᠠ ᠪᠠᠨ

ᠠᠯᠳᠠ ᠪᠠᠶ᠎ᠠ ᠶᠢ ᠠᠪᠴᠢᠬᠠᠭᠠᠤᠨ

ᠡᠨᠡ ᠪᠦᠭᠦᠨ ᠤ ᠲᠦᠯᠦᠭᠡ

ᠡᠷᠭᠢᠭᠦᠯᠵᠤ ᠦᠭ‍ᠭᠦ ᠭᠡᠵᠤ ᠳᠦᠷᠦᠭ᠍ᠰᠡᠨ ᠶᠤᠮ

ᠠᠷᠢᠭᠤᠨ ᠮᠤᠩᠭ᠋ᠤᠯ ᠤᠨ ᠶᠢᠡᠨ ᠲᠦᠯᠦᠭᠡ

ᠠᠯᠳᠠ ᠰᠢᠭ ᠰᠠᠴᠤᠬᠤ ᠭᠡᠵᠤ ᠳᠦᠷᠦᠭ᠍ᠰᠡᠨ ᠶᠤᠮ᠃

             2009.8.13


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠬᠠᠷᠢᠶ᠎ᠠ᠄ ᠰᠢᠯᠦᠭ
ᠳᠠᠷᠤᠮ᠄ 1924
ᠴᠠᠭ᠄ 2011 ᠤᠨ ᠤ 01 ᠰᠠᠷ᠎ᠠ ᠶᠢᠨ 07