ᠮᠤᠩᠭ᠋ᠤᠯᠴᠤᠳ ᠤᠨ ᠣᠷᠴᠢᠨ ᠠᠬᠤᠢ ᠶᠢ ᠬᠠᠢ᠌ᠷᠠᠯᠠᠬᠤ ᠣᠯᠠᠮᠵᠢᠯᠠᠯᠳᠤ ᠶᠤᠰᠤᠨ

1᠂ ᠭᠠᠵᠠᠷ ᠤᠨ ᠭᠦᠷᠦᠰᠤ ᠶᠢ ᠵᠤᠷᠢᠯᠭ᠎ᠠ ᠦᠭᠡᠶ ᠪᠠᠷ ᠭᠦᠡᠳᠡᠭᠦ ᠪᠣᠶᠤ ᠬᠠᠳᠠ ᠴᠢᠯᠠᠭᠤ ᠨᠤᠷᠭᠠᠬᠤ᠂ ᠡ᠊ᠨᠳᠡ ᠳᠠᠠᠳᠠ ᠬᠠᠮᠢᠶ᠎ᠠ ᠦᠭᠡᠶ ᠬᠤᠭ ᠬᠠᠶᠠᠵᠤ ᠭᠠᠵᠠᠷ ᠪᠣᠵᠠᠷᠯᠠᠬᠤ ᠶᠢ ᠴᠡᠭᠡᠷᠯᠡᠨ᠎ᠡ᠃

2᠂ ᠮᠤᠩᠭ᠋ᠤᠯ ᠭᠦᠮᠤᠨ ᠨᠡᠭᠦᠭᠦ ᠳᠤ ᠪᠠᠨ ᠪᠠᠭᠤᠷᠢ ᠪᠠᠨ ᠵᠠᠪᠠᠯ ᠴᠠᠮᠪᠠᠢ᠌ᠳᠠᠯ᠎ᠠ ᠰᠠᠢ᠌ᠬᠠᠨ ᠴᠡᠪᠠᠷᠯᠡᠳᠡᠭ᠌᠂ ᠬᠤᠭ ᠳᠤᠭᠤᠰᠤ ᠥᠯᠡᠳᠡᠭᠡᠭᠦ ᠶᠢ ᠴᠡᠭᠡᠷᠯᠡᠳᠡᠭ᠌᠃

3᠂ ᠴᠡᠴᠡᠭ᠌ ᠨᠠᠪᠴᠢ᠂ ᠣᠷᠭᠤᠮᠠᠯ᠂ ᠮᠤᠳᠤᠨ ᠤ ᠮᠦᠴᠢᠷ ᠳᠠᠰᠤᠳᠠᠬᠤ᠂ ᠬᠤᠭᠤᠯᠬᠤ᠂ ᠠᠮᠢᠳᠤ ᠨᠢᠯᠬ᠎ᠠ ᠮᠤᠳᠤ ᠣᠭᠳᠤᠯᠬᠤ ᠵᠡᠷᠭᠡ ᠶᠢ ᠬᠠᠳᠠᠭᠤ ᠬᠤᠷᠢᠭᠯᠠᠳᠠᠭ᠃ ᠣᠰᠤᠨ ᠤ ᠡᠭᠢ ᠪᠣᠯᠤᠨ ᠣᠢ᠌ᠷ᠎ᠠ ᠬᠠᠪᠢ ᠶᠢᠨ ᠮᠤᠳᠤ ᠶᠢ ᠣᠭᠳᠤᠯᠳᠠᠭ ᠦᠭᠡᠶ᠃ ᠭᠡᠷᠪᠡ ᠣᠭᠳᠤᠯᠪᠠᠯ ᠳᠠᠷᠠ ᠬᠠᠪᠢ ᠶᠢᠨ ᠣᠰᠤ ᠰᠢᠷᠭᠢᠳᠡᠭ᠌᠃ ᠡᠨᠡ ᠨᠢ ᠡᠭᠡ ᠪᠠᠢ᠌ᠭᠠᠯᠢ ᠶᠢᠨ ᠬᠠᠤᠯᠢ ᠶᠤᠮ᠃

4᠂ ᠣᠰᠤ ᠪᠣᠭᠢᠷᠳᠤᠭᠤᠯᠬᠤ᠂ ᠪᠣᠯᠠᠩᠭᠢᠷᠳᠤᠭᠤᠯᠬᠤ᠂ ᠪᠣᠯᠠᠭ ᠱᠠᠩᠳᠠ ᠶᠢᠨ ᠣᠰᠤᠨ ᠳᠤ ᠶᠠᠭᠤᠮ᠎ᠠ ᠣᠭᠢᠶᠠᠬᠤ ᠶᠢ ᠴᠡᠭᠡᠷᠯᠡᠳᠡᠭ᠌᠃ ᠷᠠᠰᠢᠶᠠᠨ᠂ ᠪᠣᠯᠠᠭ ᠱᠠᠩᠳᠠ ᠶᠢᠨ ᠣᠰᠤᠨ ᠳᠤ ᠴᠠᠭ᠎ᠠ ᠣᠷᠤᠭᠤᠯᠬᠤ ᠪᠣᠭᠢᠷ ᠵᠣᠢ᠌ᠯ ᠭᠢᠭᠦ ᠶᠤᠰᠤ ᠦᠭᠡᠶ᠃ ᠳᠠᠢ᠌ᠮᠤ ᠡᠴᠡ ᠣᠰᠤ ᠠᠪᠬᠤ ᠰᠠᠪᠠ ᠪᠣᠯᠤᠨ ᠰᠢᠨᠠᠭ᠎ᠠ ᠪᠠᠨ ᠰᠠᠢ᠌ᠨ ᠣᠭᠢᠶᠠᠵᠤ ᠴᠡᠪᠠᠷᠯᠡᠭ᠍ᠰᠡᠨ ᠪᠠᠢ᠌ᠳᠠᠭ᠃ ᠪᠣᠯᠠᠭ ᠱᠠᠩᠳᠠ ᠶᠢᠨ ᠣᠰᠤ ᠶᠢ ᠠᠷᠢᠭᠤᠨ ᠣᠰᠤ ᠭᠡᠵᠤ ᠡᠷᠭᠢᠮᠯᠡᠳᠡᠭ᠌ ᠣᠯᠠᠮᠵᠢᠯᠠᠯ ᠲᠡᠶ᠃

5᠂ ᠡ᠊ᠨᠳᠡ ᠳᠠᠠᠳᠠ ᠬᠠᠮᠢᠶ᠎ᠠ ᠦᠭᠡᠶ 《ᠭᠠᠳᠠᠭᠠᠯᠠᠬᠤ》᠂ ᠢᠯᠠᠩᠭ᠋ᠤᠶ᠎ᠠ ᠮᠠᠯ ᠤᠨ ᠬᠤᠳᠠᠨ ᠤ ᠣᠢ᠌ᠷ᠎ᠠ᠂ ᠣᠰᠤ ᠪᠣᠯᠠᠭ᠂ ᠷᠠᠰᠢᠶᠠᠨ ᠤ ᠣᠢ᠌ᠷ᠎ᠠ ᠭᠠᠳᠠᠭᠠᠯᠠᠬᠤ ᠨᠢ ᠨᠠᠩ ᠵᠤᠭᠢᠮᠵᠢ ᠦᠭᠡᠶ ᠭᠡᠵᠤ ᠴᠡᠭᠡᠷᠯᠡᠳᠡᠭ᠌ ᠣᠯᠠᠮᠵᠢᠯᠠᠯ ᠲᠡᠶ᠃

6᠂ ᠶᠠᠮᠠᠷ ᠴᠤ ᠨᠥᠭᠦᠴᠡᠯ ᠳᠤ ᠭᠡᠭᠡᠷ᠎ᠡ ᠭᠠᠯ ᠳᠦᠯᠡᠭᠦ ᠳᠤ ᠪᠠᠨ ᠣᠷᠭᠤᠮᠠᠯ ᠣᠷᠭᠤᠳᠠᠭ ᠦᠭᠡᠶ᠂ ᠡᠯᠡᠰᠦᠷᠭᠡᠭ᠌ ᠭᠠᠵᠠᠷ ᠪᠣᠶᠤ ᠰᠠᠢ᠌ᠷ᠂ ᠴᠤᠯᠭᠤᠢ ᠭᠠᠵᠠᠷ᠂ ᠬᠠᠪᠳᠠᠭᠠᠢ ᠬᠠᠳᠠ ᠴᠢᠯᠠᠭᠤᠨ ᠳᠡᠭᠡᠷ᠎ᠡ ᠭᠠᠯ ᠳᠦᠯᠡᠳᠡᠭ᠌᠃ ᠡᠨᠡ ᠨᠢ ᠭᠠᠯ ᠤᠨ ᠠᠶᠤᠯ ᠡᠴᠡ ᠪᠣᠯᠭᠤᠮᠵᠢᠯᠠᠭᠰᠠᠨ ᠪᠦᠭᠡᠤᠨ ᠭᠠᠵᠠᠷ ᠤᠨ ᠭᠦᠷᠦᠰᠤ ᠶᠢ ᠬᠠᠢ᠌ᠷᠠᠯᠠᠨ ᠬᠠᠮᠠᠭᠠᠯᠠᠬᠤ ᠲᠡᠶ ᠬᠤᠯᠪᠣᠭ᠎ᠠ ᠲᠡᠶ ᠣᠯᠠᠮᠵᠢᠯᠠᠯ ᠶᠤᠮ᠃

ᠢᠷᠡᠯᠲᠡ᠄ 《ᠮᠤᠩᠭ᠋ᠤᠯ ᠠᠷᠠᠤᠨ ᠤᠨ ᠭᠦᠡᠳᠦᠯᠡᠭᠦ᠂ ᠮᠡᠡᠳᠦᠯᠡᠭᠦ᠂ ᠳᠠᠯᠠᠷᠬᠠᠬᠤ ᠶᠤᠰᠤ》 ᠨᠤᠮ ᠡᠴᠡ
ᠬᠠᠷᠢᠶ᠎ᠠ᠄ ᠵᠠᠩ ᠤᠢ᠌ᠯᠠ
ᠳᠠᠷᠤᠮ᠄ 4270
ᠴᠠᠭ᠄ 2008 ᠤᠨ ᠤ 10 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ