ᠲᠡᠭᠷᠢ ᠶᠢᠨ ᠰᠠᠯᠬᠢᠨ

1. ᠬᠠᠳᠠᠭ


ᠬᠠᠮᠤᠭ ᠤᠨ ᠭᠦᠩᠭᠡᠨ ᠭᠢᠳᠠᠤᠨ ᠳᠤᠷᠭ᠎ᠠ

ᠬᠠᠮᠤᠭ ᠤᠨ ᠭᠦᠡᠳᠤ ᠮᠤᠩᠭ᠋ᠤᠯ ᠶᠤᠷᠤᠭ

ᠬᠠᠳᠠᠭ ᠪᠣᠯ ᠬᠠᠢ᠌ᠷ᠎ᠠ ᠶᠢᠨ ᠡᠷᠭᠦᠯ

ᠬᠠᠳᠠᠭ ᠪᠣᠯ ᠨᠠᠢ᠌ᠷ ᠤᠨ ᠮᠥᠷᠭᠦᠯ

ᠬᠠᠭᠠᠨ ᠪᠣᠯᠪᠠᠴᠤ ᠳᠡᠷᠢᠭᠦᠨ ᠶᠢᠡᠨ ᠮᠡᠭᠦᠢᠵᠤ

ᠬᠠᠷᠠᠴᠤ ᠪᠣᠯᠪᠠᠴᠤ ᠳᠤᠯᠤᠭᠠᠢ ᠪᠠᠨ ᠪᠦᠭᠦᠢᠨ᠎ᠡ᠃

ᠡᠵᠢ ᠶᠢᠨ ᠮᠢᠨᠢ ᠰᠤᠷᠭᠠᠭᠰᠠᠨ ᠮᠥᠩᠭᠡ ᠶᠤᠰᠤ

ᠠᠪᠣ ᠶᠢᠨ ᠮᠢᠨᠢ ᠵᠠᠭᠢᠭᠰᠠᠨ ᠮᠤᠩᠭ᠋ᠤᠯ ᠮᠦᠰᠤ

ᠬᠠᠳᠠᠭ ᠪᠣᠯ ᠢᠳᠡᠭᠡᠯ ᠤᠨ ᠭᠦᠭᠦᠷᠭᠡ

ᠬᠠᠳᠠᠭ ᠪᠣᠯ ᠨᠥᠭᠦᠷᠯᠡᠯ ᠤᠨ ᠭᠡᠯᠭᠢᠶ᠎ᠡ

ᠭᠡᠵᠢᠶ᠎ᠡ ᠪᠣᠯᠪᠠᠴᠤ ᠭᠢᠴᠢᠶᠡᠩᠭᠦᠢᠯᠡᠨ ᠡᠷᠭᠦᠵᠤ

ᠬᠠᠮᠢᠭ᠎ᠠ ᠪᠣᠯᠪᠠᠴᠤ ᠬᠠᠢ᠌ᠷᠠᠯᠠᠨ ᠭᠢᠮᠠᠭᠠᠳᠠᠨ᠎ᠠ᠃

ᠠᠯᠠᠭᠠᠨ ᠳᠤ ᠳᠡᠯᠭᠡᠷᠡᠭ᠍ᠰᠡᠨ ᠡᠩᠭᠡ ᠶᠢᠨ ᠴᠡᠴᠡᠭ᠌

ᠭᠦᠵᠦᠭᠦᠨ ᠳᠤ ᠮᠢᠷᠠᠯᠵᠠᠭᠰᠠᠨ ᠥᠩᠭᠡ ᠶᠢᠨ ᠰᠤᠯᠤᠩᠭ᠋᠎ᠠ

ᠬᠠᠳᠠᠭ ᠪᠣᠯ ᠣᠶᠠᠬᠠᠨ ᠡᠭᠡᠰᠢᠭ᠌

ᠬᠠᠳᠠᠭ ᠪᠣᠯ ᠣᠷᠢᠬᠠᠨ ᠰᠠᠯᠭᠢᠨ

ᠨᠠᠢ᠌ᠷ ᠤᠨ ᠶᠤᠰᠤ ᠪᠠᠷ ᠨᠠᠮᠢᠷᠠᠨ ᠭᠡᠢ᠌ᠰᠴᠤ

ᠨᠠᠢ᠌ᠵᠠ ᠶᠢᠨ ᠰᠠᠤᠠᠭᠢᠯ ᠶᠢᠡᠷ ᠨᠠᠮᠢᠶᠠᠳᠠᠨ ᠪᠦᠵᠢᠭ᠍ᠯᠡᠨ᠎ᠡ ᠁


2. ᠰᠠᠷᠮᠠᠭᠴᠢᠨ ᠪᠠᠰᠠᠯᠠ ᠰᠠᠷᠮᠠᠭᠴᠢᠨ


ᠭᠦᠳᠡᠯᠮᠦᠷᠢ ᠭᠢᠭ᠍ᠰᠡᠭᠡᠷ ᠰᠠᠷᠮᠠᠭᠴᠢᠨ

ᠭᠦᠮᠤᠨ ᠪᠣᠯᠵᠤ ᠬᠤᠪᠢᠷᠠᠭᠰᠠᠨ ᠭᠡᠨ᠎ᠡ᠃

ᠭᠦᠮᠤᠨ ᠲᠦᠷᠦᠯᠭᠢᠳᠠᠨ ᠤ ᠡᠭᠢ ᠡᠭᠦᠰᠦᠯ ᠊ᠢ

ᠭᠢᠴᠢᠶᠠᠯ ᠤᠨ ᠪᠢᠴᠢᠭ᠌ ᠲᠤ ᠵᠢᠭᠠᠭᠰᠠᠨ ᠭᠡᠨ᠎ᠡ᠃

ᠭᠡᠳᠤᠨ ᠵᠠᠭᠤᠨ ᠵᠢᠯ ᠤᠨ ᠨᠢᠭᠤᠴᠠ ᠵᠢ

ᠭᠡᠨ ᠴᠤ ᠳᠠᠢ᠌ᠯᠵᠤ ᠴᠢᠳᠠᠬᠤ ᠦᠭᠡᠶ᠂

ᠭᠦᠭᠡᠷᠦᠭᠦᠢ ᠰᠠᠷᠮᠠᠭᠴᠢᠨ ᠦᠨᠦᠳᠤᠷ ᠪᠣᠯᠳᠠᠯ᠎ᠠ

ᠭᠦᠯᠳᠡᠭᠦᠤ ᠳᠠᠷᠢᠭᠢ ᠨᠢ ᠭᠡᠰᠦᠭᠡᠳᠦᠢ᠃

ᠮᠠᠨ ᠤ ᠮᠡᠳᠡᠭᠦ ᠪᠠᠷ ᠣᠨ ᠳᠤᠭᠠᠯᠠᠯ

ᠮᠢᠩᠭ᠋᠎ᠠ ᠮᠢᠩᠭ᠋᠎ᠠ ᠪᠠᠷ ᠶᠠᠪᠣᠵᠤ ᠯᠠ ᠪᠠᠢ᠌ᠨ᠎ᠠ᠂

ᠮᠠᠭᠠᠤᠨ ᠪᠠᠰᠠ ᠰᠠᠷᠮᠠᠭᠴᠢᠨ

ᠮᠠᠭᠠᠵᠢᠵᠤ ᠮᠠᠯᠳᠠᠭᠠᠤᠨ ᠠᠮᠢᠳᠤᠷᠠᠵᠤ ᠯᠠ ᠪᠠᠢ᠌ᠨ᠎ᠠ᠃

ᠣᠢ ᠶᠢᠨ ᠳᠤᠮᠳᠠ ᠪᠠᠨ ᠰᠠᠷᠮᠠᠭᠴᠢᠨ

ᠥᠴᠦᠭᠡᠳᠦᠷ ᠪᠣᠯᠳᠠᠯ᠎ᠠ ᠥᠰᠦᠷᠦᠭ᠍ᠰᠡᠭᠡᠷ ᠪᠠᠢ᠌ᠨ᠎ᠠ᠂

ᠣᠭᠤ ᠴᠤ ᠨᠢᠭᠡ ᠨᠢ ᠭᠦᠮᠤᠨ ᠬᠤᠪᠢᠷᠠᠭᠠᠤᠨ

ᠣᠯᠠᠨ ᠢ ᠭᠠᠢ᠌ᠬᠠᠭᠤᠯᠵᠤ ᠴᠢᠳᠠᠭ᠎ᠠ ᠦᠭᠡᠶ ᠪᠠᠢ᠌ᠨ᠎ᠠ᠃

ᠰᠠᠷᠮᠠᠭᠴᠢᠨ ᠪᠠᠰᠠᠯᠠ ᠰᠠᠷᠮᠠᠭᠴᠢᠨ ᠶᠢᠡᠷ ᠵᠢᠠᠨ

ᠭᠦᠮᠤᠨ ᠬᠠᠰᠢᠯᠠ ᠭᠦᠮᠤᠨ ᠶᠢᠡᠷ ᠵᠢᠠᠨ

ᠰᠠᠨᠠᠭᠠᠨ ᠳᠤ ᠦᠭᠡᠶ ᠭᠡᠯᠡᠭ᠍ᠰᠡᠨ ᠥᠭᠡ

ᠰᠢᠡᠵᠢᠯᠡᠭᠦ ᠣᠬᠠᠭᠠᠨ ᠤ ᠪᠠᠷᠢᠮᠳᠠ ᠦᠭᠡᠶ᠁


3. ᠳᠡᠭ᠍ᠷᠢ ᠶᠢᠨ ᠰᠠᠯᠭᠢᠨ


ᠳᠡᠭ᠍ᠷᠢ ᠶᠢᠨ ᠰᠠᠯᠭᠢᠨ

ᠳᠡᠭ᠍ᠰᠢ ᠪᠠᠢ᠌ᠪᠠᠴᠤ᠂

ᠭᠠᠵᠠᠷ ᠤᠨ ᠭᠦᠮᠤᠨ

ᠭᠠᠵᠢᠭᠤ ᠳᠠᠭᠤᠯᠠᠨ᠎ᠠ᠃

ᠳᠡᠭ᠍ᠷᠢ ᠶᠢᠨ ᠰᠠᠷᠠᠨ

ᠳᠡᠷᠭᠡᠯ ᠪᠠᠢ᠌ᠪᠠᠴᠤ᠂

ᠭᠠᠵᠠᠷ ᠤᠨ ᠨᠤᠬᠠᠤᠨ

ᠭᠠᠰᠠᠯᠵᠤ ᠬᠤᠴᠠᠨ᠎ᠠ᠃

ᠳᠡᠭ᠍ᠷᠢ ᠶᠢᠨ ᠶᠤᠰᠤᠨ

ᠳᠦᠭᠦᠷᠢᠭ᠌ ᠪᠠᠢ᠌ᠪᠠᠴᠤ᠂

ᠭᠠᠵᠠᠷ ᠤᠨ ᠨᠤᠶᠠᠤᠨ

ᠭᠡᠯᠳᠡᠭᠡᠢ ᠪᠣᠯᠭᠠᠨ᠎ᠠ᠃

ᠳᠡᠭ᠍ᠷᠢ ᠶᠢᠨ ᠪᠣᠷᠬᠠᠨ

ᠳᠠᠷᠨᠢᠳᠠᠵᠤ ᠪᠠᠢ᠌ᠪᠠᠴᠤ᠂

ᠭᠠᠵᠠᠷ ᠤᠨ ᠪᠣᠭ

ᠭᠠᠢ᠌ᠳᠠᠵᠤ ᠪᠣᠰᠤᠨ᠎ᠠ ᠁


4. ᠣᠷᠰᠢᠭ ᠲᠡᠶ ᠵᠢᠷᠳᠢᠠᠴᠤ


ᠥᠭᠢᠷᠡᠭ᠍ᠰᠡᠨ ᠮᠤᠳᠤᠨ ᠤ

ᠢᠯᠵᠠᠷᠠᠭᠰᠠᠨ ᠰᠠᠯᠠᠭᠠᠨ ᠳ᠋ᠤ

ᠢᠯᠠᠭ᠎ᠠ ᠴᠤᠭᠯᠠᠭᠠᠤᠨ

ᠨᠠᠢ᠌ᠷ ᠪᠣᠯᠤᠨ᠎ᠠ᠃

ᠨᠠᠪᠴᠢᠯᠠᠭᠰᠠᠨ ᠮᠤᠳᠤᠨ ᠤ

ᠭᠦᠯᠦᠭᠡᠯᠡᠭ᠍ᠰᠡᠨ ᠮᠦᠴᠢᠷ ᠢ

ᠢᠮᠠᠭ᠎ᠠ ᠭᠡᠮᠡᠯᠢᠭᠡᠤᠨ

ᠭᠡᠷᠡᠭᠦᠯ ᠪᠣᠯᠤᠨ᠎ᠠ ᠁


ᠵᠤᠬᠢᠶᠠᠭᠴᠢ᠄ ᠨᠠ᠊·ᠬᠦᠬᠡᠰᠢᠭᠤᠢ
ᠬᠠᠷᠢᠶ᠎ᠠ᠄ ᠰᠢᠯᠦᠭ
ᠳᠠᠷᠤᠮ᠄ 2780
ᠴᠠᠭ᠄ 2005 ᠤᠨ ᠤ 06 ᠰᠠᠷ᠎ᠠ ᠶᠢᠨ 30