ᠴᠠᠴᠠ ᠪᠣᠯᠢᠶᠠᠯᠳᠤᠬᠤ ᠥᠭᠡ

ᠭᠡᠨ ᠪᠦᠭᠡ ᠪᠣᠢ


ᠬᠤᠨᠤᠴᠠ ᠬᠤᠨᠤᠴᠠ ᠬᠤᠨᠤᠵᠤ ᠭᠡᠨ᠎ᠡ᠃

ᠬᠠᠷ᠎ᠠ ᠳᠤᠯᠤᠭᠠᠢ ᠲᠡᠶ ᠢᠷᠭᠡ ᠪᠠᠨ ᠠᠯᠠᠵᠤ ᠭᠡᠨ᠎ᠡ᠃

ᠳᠡᠯᠢᠭᠦᠤ ᠭᠠᠭᠴᠠᠭᠠᠷ ᠳᠠᠩᠰᠢᠵᠤ ᠭᠡᠨ᠎ᠡ᠃

ᠳᠠᠪ ᠳᠠᠪ ᠭᠢᠵᠤ ᠶᠠᠪᠣᠭᠰᠠᠭᠠᠷ ᠮᠦᠰᠤ ᠲᠡᠶ ᠨᠠᠭᠠᠯᠳᠤᠵᠤ ᠭᠡᠨ᠎ᠡ᠃

ᠳᠡᠭᠡᠭᠡᠳ ᠳᠡᠯᠢᠭᠦᠤ ᠮᠦᠰᠤᠨ ᠡᠴᠡ ᠰᠤᠷᠠᠵᠠᠢ ᠭᠡᠨ᠎ᠡ᠄

《ᠮᠦᠰᠤᠨ ᠮᠦᠰᠤᠨ ᠴᠢ ᠪᠦᠭᠡ ᠦᠦ 》 ᠭᠡᠭᠦᠯᠡᠷ ᠮᠦᠰᠤ᠄

《ᠪᠦᠭᠡ》 ᠭᠡᠵᠡᠢ᠃ ᠳᠡᠯᠢᠭᠦᠤ᠄

《ᠮᠦᠰᠤᠨ ᠮᠦᠰᠤᠨ ᠴᠢ ᠪᠦᠭᠡ ᠪᠣᠯᠪᠠᠯ ᠨᠠᠷᠠᠨ ᠳᠤ ᠶᠠᠭᠠᠭᠢᠭᠠᠤᠨ ᠬᠠᠢ᠌ᠯᠤᠨ᠎ᠠ ᠴᠢ 》 ᠭᠡᠭᠦᠯ᠎ᠡ ᠮᠦᠰᠤᠨ᠄

《ᠨᠠᠷᠠᠨ ᠪᠦᠭᠡ》 ᠭᠡᠵᠡᠢ᠃ ᠳᠡᠯᠢᠭᠦᠤ᠄

《ᠨᠠᠷᠠᠨ ᠨᠠᠷᠠᠨ ᠴᠢ ᠪᠦᠭᠡ ᠦᠦ 》 ᠭᠡᠭᠦᠯ᠎ᠡ ᠨᠠᠷᠠᠨ᠄

《ᠪᠦᠭᠡ》 ᠭᠡᠵᠡᠢ᠃ ᠳᠡᠯᠢᠭᠦᠤ᠄

《ᠨᠠᠷᠠᠨ ᠴᠢ ᠪᠦᠭᠡ ᠪᠣᠯᠪᠠᠯ ᠡᠭᠦᠯᠡᠨ ᠳᠤ ᠶᠠᠭᠠᠭᠢᠭᠠᠤᠨ ᠬᠠᠯᠬᠠᠯᠠᠭᠳᠠᠨ᠎ᠠ ᠴᠢ 》 ᠭᠡᠭᠦᠯ᠎ᠡ ᠨᠠᠷᠠᠨ᠄

《ᠡᠭᠦᠯᠡ ᠪᠦᠭᠡ》 ᠭᠡᠵᠡᠢ᠃ ᠳᠡᠯᠢᠭᠦᠤ᠄

《ᠡᠭᠦᠯᠡ ᠡᠭᠦᠯᠡ ᠴᠢ ᠪᠦᠭᠡ ᠦᠦ 》 ᠭᠡᠭᠦᠯ᠎ᠡ ᠡᠭᠦᠯᠡ᠄

《ᠪᠦᠭᠡ》 ᠭᠡᠵᠡᠢ᠃ ᠳᠡᠯᠢᠭᠦᠤ᠄

《ᠡᠭᠦᠯᠡ ᠴᠢ ᠪᠦᠭᠡ ᠪᠣᠯᠪᠠᠯ ᠰᠠᠯᠭᠢᠨ ᠳᠤ ᠶᠠᠭᠠᠭᠢᠭᠠᠤᠨ ᠳᠠᠭᠤᠭᠳᠠᠨ᠎ᠠ ᠴᠢ 》 ᠭᠡᠭᠦᠯ᠎ᠡ ᠡᠭᠦᠯᠡ᠄

《ᠰᠠᠯᠭᠢᠨ ᠪᠦᠭᠡ  》 ᠭᠡᠵᠡᠢ᠃ ᠳᠡᠯᠢᠭᠦᠤ᠄

《ᠰᠠᠯᠭᠢᠨ ᠰᠠᠯᠭᠢᠨ ᠴᠢ ᠪᠦᠭᠡ ᠦᠦ 》 ᠭᠡᠭᠦᠯ᠎ᠡ ᠰᠠᠯᠭᠢᠨ᠄

《ᠪᠦᠭᠡ》 ᠭᠡᠵᠡᠢ᠃ ᠳᠡᠯᠢᠭᠦᠤ᠄

《ᠰᠠᠯᠭᠢᠨ ᠰᠠᠯᠭᠢᠨ ᠴᠢ ᠪᠦᠭᠡ ᠪᠣᠯ ᠠᠭᠤᠯᠠᠨ ᠳᠤ ᠶᠠᠭᠠᠭᠢᠭᠠᠤᠨ ᠬᠤᠷᠢᠭᠳᠠᠨ᠎ᠠ ᠴᠢ 》 ᠭᠡᠭᠦᠯ᠎ᠡ ᠰᠠᠯᠭᠢᠨ᠄

《ᠠᠭᠤᠯᠠ ᠪᠦᠭᠡ》 ᠭᠡᠵᠡᠢ᠃ ᠳᠡᠯᠢᠭᠦᠤ᠄

《ᠠᠭᠤᠯᠠ ᠠᠭᠤᠯᠠ ᠴᠢ ᠪᠦᠭᠡ ᠦᠦ 》 ᠭᠡᠭᠦᠯ᠎ᠡ ᠠᠭᠤᠯᠠ᠄

《ᠪᠦᠭᠡ》 ᠭᠡᠵᠡᠢ᠃ ᠳᠡᠯᠢᠭᠦᠤ

《ᠠᠭᠤᠯᠠ ᠠᠭᠤᠯᠠ ᠴᠢ ᠪᠦᠭᠡ ᠪᠣᠯᠪᠠᠯ ᠶᠠᠭᠠᠭᠢᠭᠠᠤᠨ ᠬᠤᠯᠤᠭᠠᠨ᠎ᠠ ᠳᠤ ᠭᠦᠡᠳᠡᠢ᠌ᠯᠡᠭ᠍ᠳᠡᠨ᠎ᠡ ᠴᠢ 》 ᠭᠡᠭᠦᠯ᠎ᠡ ᠠᠭᠤᠯᠠ᠄

《ᠬᠤᠯᠤᠭᠠᠨ᠎ᠠ ᠪᠦᠭᠡ》 ᠭᠡᠵᠡᠢ᠃ ᠳᠡᠯᠢᠭᠦᠤ᠄

《ᠬᠤᠯᠤᠭᠠᠨ᠎ᠠ ᠬᠤᠯᠤᠭᠠᠨ᠎ᠠ ᠴᠢ ᠪᠦᠭᠡ ᠦᠦ 》 ᠭᠡᠭᠦᠯ᠎ᠡ ᠬᠤᠯᠤᠭᠠᠨ᠎ᠠ᠄

《ᠪᠦᠭᠡ》 ᠭᠡᠵᠡᠢ᠃ ᠳᠡᠯᠢᠭᠦᠤ᠄

《ᠬᠤᠯᠤᠭᠠᠨ᠎ᠠ ᠴᠢ ᠪᠦᠭᠡ ᠪᠣᠯᠪᠠᠯ ᠶᠠᠭᠠᠭᠢᠭᠠᠤᠨ ᠬᠡᠦᠬᠡᠳ ᠶᠢᠡᠷ ᠨᠥᠭᠡᠨ ᠳᠤ ᠪᠠᠨ ᠣᠰᠤ ᠴᠢᠤᠠᠬᠤᠭᠤᠯᠪᠠ ᠴᠢ 》 ᠭᠡᠭᠦᠯ᠎ᠡ ᠬᠤᠯᠤᠭᠠᠨ᠎ᠠ᠄

《ᠬᠡᠦᠬᠡᠳ ᠪᠦᠭᠡ》 ᠭᠡᠵᠡᠢ᠃ ᠳᠡᠯᠢᠭᠦᠤ᠄

《ᠬᠡᠦᠬᠡᠳ ᠬᠡᠦᠬᠡᠳ ᠴᠢ ᠪᠦᠭᠡ ᠦᠦ 》 ᠭᠡᠭᠦᠯ᠎ᠡ ᠬᠡᠦᠬᠡᠳ᠄

《ᠪᠦᠭᠡ》 ᠭᠡᠵᠡᠢ᠃ ᠳᠡᠯᠢᠭᠦᠤ᠄

《ᠬᠡᠦᠬᠡᠳ ᠳᠠ ᠨᠡᠷ ᠪᠦᠭᠡ ᠪᠣᠯᠪᠠᠯ ᠡᠵᠢ ᠳᠤ ᠪᠠᠨ ᠶᠠᠭᠠᠭᠢᠭᠠᠤᠨ ᠴᠤᠭᠢᠭᠳᠠᠪᠠ 》 ᠭᠡᠭᠦᠯ᠎ᠡ ᠬᠡᠦᠬᠡᠳ᠄

《ᠡᠵᠢ ᠪᠦᠭᠡ》 ᠭᠡᠵᠡᠢ᠃ ᠳᠡᠯᠢᠭᠦᠤ᠄

《ᠡᠵᠢ᠂ ᠡᠵᠢ ᠳᠠ ᠪᠦᠭᠡ ᠦᠦ 》 ᠭᠡᠭᠦᠯ᠎ᠡ ᠡᠵᠢ᠄

《ᠪᠦᠭᠡ》 ᠭᠡᠵᠡᠢ᠃ ᠳᠡᠯᠢᠭᠦᠤ᠄

《ᠡᠵᠢ ᠳᠠ ᠪᠦᠭᠡ ᠪᠣᠯᠪᠠᠯ ᠡᠪᠦᠭᠡᠨ ᠳᠤ ᠪᠠᠨ ᠶᠠᠭᠠᠭᠢᠭᠠᠤᠨ ᠴᠤᠭᠢᠭᠳᠠᠪᠠ ᠳᠠ 》 ᠭᠡᠭᠦᠯ᠎ᠡ ᠡᠵᠢ᠄

《ᠡᠪᠦᠭᠡᠨ ᠪᠦᠭᠡ》 ᠭᠡᠵᠡᠢ᠃ ᠳᠡᠯᠢᠭᠦᠤ᠄

《ᠡᠪᠦᠭᠡᠨ ᠡᠪᠦᠭᠡᠨ ᠳᠠ ᠪᠦᠭᠡ ᠦᠦ 》 ᠭᠡᠭᠦᠯ᠎ᠡ ᠡᠪᠦᠭᠡᠨ᠄

《ᠪᠦᠭᠡ》 ᠭᠡᠵᠡᠢ᠃ ᠳᠡᠯᠢᠭᠦᠤ᠄

《ᠡᠪᠦᠭᠡᠨ ᠳᠠ ᠪᠦᠭᠡ ᠪᠣᠯᠪᠠᠯ ᠡᠷᠯᠢᠭ᠌ ᠠᠯᠮᠠᠰ ᠡᠴᠡ ᠶᠠᠭᠤᠨ ᠳᠤ ᠠᠶᠤᠨ᠎ᠠ ᠳᠠ 》 ᠭᠡᠭᠦᠯ᠎ᠡ ᠡᠪᠦᠭᠡᠨ᠄

《ᠡᠷᠯᠢᠭ᠌ ᠠᠯᠮᠠᠰ ᠪᠦᠭᠡ》 ᠭᠡᠵᠡᠢ᠃ ᠳᠡᠯᠢᠭᠦᠤ᠄

《ᠡᠷᠯᠢᠭ᠌ ᠠᠯᠮᠠᠰ ᠴᠢ ᠪᠦᠭᠡ ᠦᠦ 》 ᠭᠡᠭᠦᠯ᠎ᠡ ᠡᠷᠯᠢᠭ᠌ ᠠᠯᠮᠠᠰ᠄

《ᠪᠦᠭᠡ》 ᠭᠡᠵᠡᠢ᠃ ᠳᠡᠯᠢᠭᠦᠤ᠄

《ᠡᠷᠯᠢᠭ᠌ ᠠᠯᠮᠠᠰ ᠴᠢ ᠪᠦᠭᠡ ᠪᠣᠯᠪᠠᠯ ᠶᠠᠭᠠᠭᠢᠭᠠᠤᠨ ᠡᠷᠳᠡᠮ ᠨᠤᠮ ᠳᠤ ᠳᠠᠷᠤᠭᠳᠠᠨ᠎ᠠ ᠴᠢ 》 ᠭᠡᠭᠦᠯ᠎ᠡ ᠡᠷᠯᠢᠭ᠌ ᠠᠯᠮᠠᠰ᠄

《ᠡᠷᠳᠡᠮ ᠨᠤᠮ ᠪᠦᠭᠡ》 ᠭᠡᠵᠡᠢ᠃ ᠳᠡᠯᠢᠭᠦᠤ᠄

《ᠡᠷᠳᠡᠮ ᠨᠤᠮ ᠴᠢ ᠪᠦᠭᠡ ᠦᠦ 》 ᠭᠡᠭᠦᠯ᠎ᠡ ᠡᠷᠳᠡᠮ ᠨᠤᠮ᠄

《ᠪᠦᠭᠡ》 ᠭᠡᠵᠡᠢ᠃

ᠢᠩᠭᠢᠭᠡᠳ ᠡᠷᠳᠡᠮ ᠨᠤᠮ ᠪᠦᠭᠡ ᠪᠣᠯᠤᠭᠠᠤᠨ ᠳᠡᠯᠡᠭᠡᠢ ᠶᠢ ᠡᠵᠡᠯᠡᠵᠡᠢ ᠭᠡᠨ᠎ᠡ᠃

᠁᠁᠁


ᠦᠨᠦᠴᠢᠨ ᠭᠦᠤ


《ᠦᠨᠦᠴᠢᠨ ᠭᠦᠤ ᠡ ᠦᠨᠦᠴᠢᠨ ᠭᠦᠤ ᠡ ᠳᠠᠯᠠᠢ ᠶᠢ ᠭᠡᠷᠭᠢᠨ ᠳᠠᠪᠠᠭᠰᠠᠨ ᠶᠤᠮ ᠴᠢ 》

《ᠳᠤᠩᠰᠢᠭᠤᠯ ᠰᠢᠪᠠᠭᠤ ᠪᠠᠷ ᠳᠠᠪᠠᠭᠰᠠᠨ ᠪᠢ᠃》

《ᠳᠤᠩᠰᠢᠭᠤᠯ ᠰᠢᠪᠠᠭᠤ ᠴᠢᠨᠢ ᠴᠤᠷᠪᠠᠭ᠎ᠠ ᠯᠠ ᠪᠢᠵᠠ 》

《ᠴᠤᠷᠪᠠᠭ᠎ᠠ ᠴᠤᠷᠪᠠᠭ᠎ᠠ ᠭᠡᠳᠡᠭ᠌ ᠴᠢᠨᠢ ᠳᠤᠯᠤᠭᠠᠨ ᠳᠠᠰᠤᠯᠭ᠎ᠠ ᠭᠡᠷ ᠤᠨ ᠳᠡᠭᠡᠷ᠎ᠡ ᠨᠢ ᠰᠠᠭᠤᠪᠠᠯ ᠰᠢᠷ ᠨᠢᠷ ᠭᠢᠯᠭᠡᠵᠤ ᠪᠠᠢ᠌ᠭᠰᠠᠨ᠃》

《ᠳᠤᠯᠤᠭᠠᠨ ᠳᠠᠰᠤᠯᠭ᠎ᠠ ᠭᠡᠷ ᠴᠢᠨᠢ ᠣᠪᠣᠬᠠᠢ ᠯᠠ ᠪᠢᠵᠠ 》

《ᠣᠪᠣᠬᠠᠢ ᠣᠪᠣᠬᠠᠢ ᠭᠡᠳᠡᠭ᠌ ᠴᠢᠨᠢ ᠳᠤᠯᠤᠭᠠᠨ ᠠᠬ᠎ᠠ ᠳᠡᠭᠦᠤ ᠰᠠᠭᠤᠬᠤ ᠳᠤ ᠠᠭᠤᠵᠢᠮ ᠪᠠᠢ᠌ᠭᠰᠠᠨ᠃》

《ᠳᠤᠯᠤᠭᠠᠨ ᠠᠬ᠎ᠠ ᠳᠡᠭᠦᠤ ᠭᠡᠭᠦ ᠴᠢᠨᠢ ᠨᠢᠯᠬ᠎ᠠ ᠯᠠ ᠪᠢᠵᠠ 》

《ᠨᠢᠯᠬ᠎ᠠ ᠨᠢᠯᠬ᠎ᠠ ᠭᠡᠭᠦ ᠴᠢᠨᠢ ᠳᠤᠯᠤᠭᠠᠨ ᠭᠦᠷᠦᠭᠡᠰᠤᠨ ᠠᠷᠠᠰᠤ ᠪᠠᠷ ᠳᠠᠪᠠᠯ ᠭᠢᠭᠦ ᠳᠤ ᠵᠥᠳᠡᠭᠦᠤ ᠭᠦᠷᠴᠤ ᠪᠠᠢ᠌ᠭᠰᠠᠨ᠃》

《ᠳᠤᠯᠤᠭᠠᠨ ᠭᠦᠷᠦᠭᠡᠰᠤᠨ ᠠᠷᠠᠰᠤ ᠴᠢᠨᠢ ᠢᠠᠵᠠᠭ᠎ᠠ ᠯᠠ ᠪᠢᠵᠠ 》

《ᠢᠠᠵᠠᠭ᠎ᠠ ᠢᠠᠵᠠᠭ᠎ᠠ ᠭᠡᠭᠦ ᠴᠢᠨᠢ ᠳᠤᠯᠤᠭᠠᠨ ᠠᠭᠤᠯᠠ ᠶᠢᠨ ᠰᠤᠳᠠᠯ ᠢ ᠨᠠᠪᠳᠠ ᠳᠠᠪᠭᠢᠵᠤ ᠪᠠᠢ᠌ᠭᠰᠠᠨ᠃》

《ᠳᠤᠯᠤᠭᠠᠨ ᠠᠭᠤᠯᠠ ᠴᠢᠨᠢ ᠳᠤᠪᠣᠷᠴᠠᠭ ᠯᠠ ᠪᠢᠵᠠ 》

《ᠳᠤᠪᠣᠷᠴᠠᠭ ᠳᠤᠪᠣᠷᠴᠠᠭ ᠭᠡᠭᠦ ᠴᠢᠨᠢ ᠳᠠᠩᠭ᠋ᠠᠢ᠌ᠵᠤ ᠥᠵᠡᠭᠦ ᠳᠤ ᠳᠤᠭᠤᠷᠴᠠᠭ ᠮᠠᠯᠠᠭᠠᠢ ᠣᠨᠠᠵᠤ ᠪᠠᠢ᠌ᠭᠰᠠᠨ᠃》

᠁᠁᠁


ᠭᠦᠪᠠᠭᠦᠨ ᠭᠦᠭ᠍ᠰᠢᠨ ᠬᠤᠶᠠᠷ


ᠭᠦᠪᠠᠭᠦᠨ ᠭᠦᠭᠡ ᠪᠣᠷᠤ ᠳᠠᠭ᠎ᠠ ᠪᠠᠨ ᠣᠨᠤᠭᠠᠤᠨ ᠭᠦᠪ ᠭᠦᠪ ᠬᠠᠳᠠᠷᠢᠭᠤᠯᠤᠨ ᠢᠷᠠᠵᠤ ᠶᠠᠪᠣᠳᠠᠯ᠎ᠠ᠂ ᠬᠠᠯᠢᠩᠭ᠋ᠤᠢ ᠰᠤᠭᠳᠤᠭᠤ ᠬᠠᠷ᠎ᠠ ᠪᠣᠭᠤᠷᠤᠯ ᠭᠦᠭ᠍ᠰᠢᠨ ᠬᠠᠷᠭᠤᠯᠳᠤᠪᠠ᠃ ᠭᠦᠪᠠᠭᠦᠨ ᠪᠣᠷᠤ ᠳᠠᠭ᠎ᠠ ᠡᠴᠡ ᠪᠠᠨ ᠪᠠᠭᠤᠭᠠᠤᠨ ᠬᠤᠷᠮᠤᠢ ᠳᠠᠷᠤᠨ ᠠᠮᠤᠷ ᠮᠠᠠᠳᠤ ᠰᠤᠷᠠᠭᠰᠠᠨ ᠳᠤ ᠭᠦᠭ᠍ᠰᠢᠨ ᠮᠠᠠᠳᠤ ᠠᠪᠣᠭᠠᠤᠨ᠄

《ᠭᠦᠪᠠᠭᠦᠨ ᠭᠦᠪᠠᠭᠦᠨ ᠬᠠᠮᠢᠭ᠎ᠠ ᠡᠴᠡ ᠶᠠᠪᠣᠭ᠎ᠠ ᠪᠣᠢ ᠴᠢ 》 ᠭᠡᠵᠤ ᠰᠤᠷᠠᠭᠰᠠᠨ ᠳᠤ ᠭᠦᠪᠠᠭᠦᠨ᠄

《ᠭᠠᠯᠪᠠᠷ ᠽᠠᠠᠳᠠᠨ ᠮᠤᠳᠤ ᠲᠡᠶ ᠭᠠᠳᠠᠭᠠᠳᠤ ᠳᠠᠯᠠᠢ ᠶᠢᠨ ᠳᠠᠷᠠ ᠡᠴᠡ ᠶᠠᠪᠣᠭ᠎ᠠ》 ᠭᠡᠰᠡᠨ ᠳᠤ ᠭᠦᠭ᠍ᠰᠢᠨ᠄

《ᠳᠠᠷᠠ ᠴᠢᠨᠢ ᠳᠠᠯᠠᠢ ᠪᠢᠰᠢ᠂ ᠱᠠᠯᠪᠠᠭ ᠪᠢᠯᠠ ᠦᠦ 》 ᠭᠡᠰᠡᠨ ᠳᠤ ᠭᠦᠪᠠᠭᠦᠨ᠄

《ᠱᠠᠯᠪᠠᠭ ᠨᠢ ᠱᠠᠯᠪᠠᠭ ᠪᠣᠯᠪᠠᠴᠤ ᠱᠠᠮᠪᠠᠯᠠ ᠶᠢᠨ ᠣᠷᠤᠨ ᠭᠦᠷᠳᠡᠯ᠎ᠡ ᠨᠢᠰᠴᠤ ᠴᠢᠳᠠᠳᠠᠭ ᠬᠠᠨ ᠭᠠᠷᠤᠳᠢ ᠭᠠᠳᠤᠯᠵᠤ ᠴᠢᠳᠠᠬᠤ ᠦᠭᠡᠶ ᠭᠤᠤᠯ ᠳᠤᠮᠳᠠ ᠨᠢ ᠣᠨᠠᠭᠠᠤᠨ ᠪᠠᠷ᠎ᠠ ᠦᠭᠡᠶ ᠣᠷᠤᠰᠤᠭᠰᠠᠨ ᠭᠡᠨ᠎ᠡ᠃》 ᠭᠦᠭ᠍ᠰᠢᠨ᠄

《ᠳᠠᠷᠠ ᠴᠢᠨᠢ ᠬᠠᠨ ᠭᠠᠷᠤᠳᠢ ᠪᠢᠰᠢ᠂ ᠪᠣᠳᠠ ᠶᠢᠨ ᠢᠷᠤᠭᠠᠷ ᠤᠨ ᠪᠦᠳᠦᠨ᠎ᠡ ᠭᠡᠯ᠎ᠡ ᠦᠦ 》 ᠭᠡᠰᠡᠨ ᠳᠤ ᠭᠦᠪᠠᠭᠦᠨ᠄

《ᠪᠦᠳᠦᠨ᠎ᠡ ᠨᠢ ᠪᠦᠳᠦᠨ᠎ᠡ ᠪᠣᠯᠪᠠᠴᠤ ᠪᠣᠭᠳᠤ ᠴᠢᠮᠦᠭᠡ ᠪᠠᠷ ᠨᠢ ᠪᠣᠭᠳᠠ ᠶᠢᠨ ᠣᠷᠤᠨ ᠤ ᠭᠤᠤᠯ ᠨᠢᠷᠤᠭᠤᠨ ᠭᠢᠨ᠎ᠠ ᠭᠡᠰᠡᠨ  ᠭᠡᠨ᠎ᠡ  ᠃》 ᠭᠦᠭ᠍ᠰᠢᠨ᠄

《ᠳᠠᠷᠠ ᠴᠢᠨᠢ ᠣᠷᠳᠤᠨ ᠪᠢᠰᠢ᠂ ᠣᠪᠣᠬᠠᠢ ᠭᠡᠯ᠎ᠡ ᠦᠦ 》 ᠭᠡᠰᠡᠨ ᠳᠤ ᠭᠦᠪᠠᠭᠦᠨ᠄

《ᠣᠪᠣᠬᠠᠢ ᠨᠢ ᠣᠪᠣᠬᠠᠢ ᠪᠣᠯᠪᠠᠴᠤ ᠡᠮᠦᠨ᠎ᠡ ᠳᠠᠯ᠎ᠠ ᠡᠴᠡ ᠨᠢ ᠬᠣᠢ᠌ᠳᠤ ᠳᠠᠯ᠎ᠠ ᠳᠤ ᠨᠢ ᠭᠦᠷᠳᠡᠯ᠎ᠡ ᠠᠷᠠᠠᠵᠢᠯ ᠭᠦᠯᠦᠭ᠌ ᠶᠢᠡᠷ ᠠᠷᠪᠠᠨ ᠳᠠᠪᠤᠨ ᠡᠳᠦᠷ ᠭᠦᠶ‍ᠦᠯᠭᠡᠭᠡᠳ ᠠᠷᠠᠢ ᠭᠠᠷᠤᠭᠰᠠᠨ ᠭᠡᠨ᠎ᠡ᠃》 ᠭᠦᠭ᠍ᠰᠢᠨ᠄

《ᠳᠠᠷᠠ ᠴᠢᠨᠢ ᠠᠷᠠᠠᠵᠢᠯ ᠪᠢᠰᠢ᠂ ᠡᠯᠵᠢᠭᠡ ᠭᠡᠯ᠎ᠡ ᠦᠦ 》 ᠭᠡᠰᠡᠨ ᠳᠤ ᠭᠦᠪᠠᠭᠦᠨ᠄

《ᠡᠯᠵᠢᠭᠡ ᠨᠢ ᠡᠯᠵᠢᠭᠡ ᠪᠣᠯᠪᠠᠴᠤ ᠠᠴᠢᠶᠠᠯ ᠤᠨ ᠳᠠᠪᠠᠭ᠎ᠠ ᠪᠠᠷ ᠠᠷᠪᠠᠨ ᠳ᠋ᠸᠤ ᠳᠠᠪᠣᠰᠤ ᠲᠡᠶ ᠠᠵᠢᠭ ᠦᠭᠡᠶ ᠳᠠᠪᠠᠵᠢ ᠭᠡᠨ᠎ᠡ᠃   》 ᠭᠦᠭ᠍ᠰᠢᠨ᠄

《ᠳᠠᠷᠠ ᠴᠢᠨᠢ ᠳᠠᠪᠠᠭ᠎ᠠ ᠪᠢᠰᠢ᠂ ᠳᠤᠪᠣ ᠭᠡᠯ᠎ᠡ ᠦᠦ 》 ᠭᠡᠰᠡᠨ ᠳᠤ ᠭᠦᠪᠠᠭᠦᠨ᠄

《ᠲ᠋ᠤᠪᠣ  ᠨᠢ ᠳᠤᠪᠣ ᠪᠣᠯᠪᠠᠴᠤ ᠡᠮᠦᠨᠡᠭᠢ  ᠭᠦᠮᠤᠨ ᠤ ᠳᠤᠭᠤᠠᠴᠠᠭ᠂ ᠠᠷᠤ ᠳ᠋ᠠᠭᠢ ᠭᠦᠮᠤᠨ ᠤ ᠮᠠᠩᠨᠠᠢ ᠴᠤᠭᠢᠭᠠᠳ  ᠪᠠᠢ᠌ᠳᠠᠭ  ᠭᠡᠨ᠎ᠡ᠃》   ᠭᠦᠭ᠍ᠰᠢᠨ᠄

《ᠳᠠᠷᠠ ᠴᠢᠨᠢ ᠳᠤᠭᠤᠠᠴᠠᠭ ᠪᠢᠰᠢ ᠳᠤᠭᠤᠷᠴᠤᠭ ᠭᠡᠯ᠎ᠡ ᠦᠦ 》 ᠭᠡᠰᠡᠨ ᠳᠤ ᠭᠦᠪᠠᠭᠦᠨ᠄

《ᠳᠤᠭᠤᠷᠴᠤᠭ ᠨᠢ ᠳᠤᠭᠤᠷᠴᠤᠭ ᠪᠣᠯᠪᠠᠴᠤ ᠳᠠᠱ ᠭᠢᠭ᠍ᠰᠡᠨ ᠡᠪᠦᠯ ᠤᠨ ᠭᠦᠢᠳᠡᠨ ᠳᠤ ᠳᠤᠯᠤᠭᠠᠢ ᠭᠦᠯᠦᠷᠭᠡᠳᠡᠭ᠌ ᠭᠡᠨ᠎ᠡ᠃》 ᠭᠦᠭ᠍ᠰᠢᠨ᠄

《ᠳᠠᠷᠠ ᠴᠢᠨᠢ ᠭᠦᠢᠳᠡᠨ ᠪᠢᠰᠢ᠂ ᠭᠡᠢ᠌ᠪᠠᠩ ᠭᠡᠯ᠎ᠡ ᠦᠦ 》 ᠭᠡᠰᠡᠨ ᠳᠤ ᠭᠦᠪᠠᠭᠦᠨ᠄

《ᠭᠡᠢ᠌ᠪᠠᠩ ᠨᠢ ᠭᠡᠢ᠌ᠪᠠᠩ ᠪᠣᠯᠪᠠᠴᠤ ᠭᠡᠯᠡᠯᠴᠡᠵᠤ ᠪᠠᠢ᠌ᠭᠰᠠᠨ ᠭᠦᠮᠤᠨ ᠤ ᠭᠡᠯᠡ ᠠᠮᠠ ᠶᠢ ᠨᠢ ᠳᠠᠰᠤ ᠭᠦᠯᠳᠡᠭᠡᠳᠡᠭ᠌ ᠭᠡᠨ᠎ᠡ᠃》 ᠭᠦᠭ᠍ᠰᠢᠨ᠄

《ᠳᠠᠷᠠ ᠴᠢᠨᠢ᠂ ᠭᠡᠰᠡᠭ᠌ ᠮᠢᠬ᠎ᠠ ᠭᠡᠯ᠎ᠡ ᠦᠦ 》 ᠭᠡᠰᠡᠨ ᠳᠤ ᠭᠦᠪᠠᠭᠦᠨ᠄

《ᠭᠡᠰᠡᠭ᠌ ᠮᠢᠬ᠎ᠠ ᠨᠢ ᠭᠡᠰᠡᠭ᠌ ᠮᠢᠬ᠎ᠠ ᠪᠣᠯᠪᠠᠴᠤ ᠭᠦᠮᠤᠨ ᠭᠦᠮᠤᠨ ᠤ ᠭᠡᠯᠡᠯᠴᠡᠭᠡᠨ ᠳᠤ ᠵᠠᠶᠠᠭᠠᠭᠰᠠᠨ ᠮᠢᠬ᠎ᠠ ᠭᠡᠨ᠎ᠡ᠃》 ᠭᠦᠭ᠍ᠰᠢᠨ᠄

《ᠳᠠᠷᠠ ᠴᠢᠨᠢ ᠵᠠᠶᠠᠭᠠᠭᠰᠠᠨ ᠮᠢᠬ᠎ᠠ ᠨᠢ ᠵᠠᠶᠠᠭᠠᠭᠰᠠᠨ ᠮᠢᠬ᠎ᠠ ᠪᠣᠯᠪᠠᠴᠤ ᠵᠠᠪᠰᠠᠷ ᠤᠨ ᠶᠠᠭᠤᠮ᠎ᠠ ᠭᠡᠯ᠎ᠡ ᠦᠦ 》 ᠭᠡᠰᠡᠨ ᠳᠤ ᠭᠦᠪᠠᠭᠦᠨ᠄

《ᠵᠠᠪᠰᠠᠷ ᠤᠨ ᠭᠢᠨᠢ ᠵᠠᠪᠰᠠᠷ ᠤᠨ ᠪᠣᠯᠪᠠᠴᠤ ᠠᠠᠳᠤᠤ ᠶᠢᠨ ᠳᠠᠪᠢᠨ ᠰᠤᠮᠤᠨ ᠳᠠᠩᠭ᠋ᠤᠳ ᠲᠡᠶ ᠳᠠᠱ ᠫᠢᠱ ᠠᠪᠣᠯᠳᠠᠭᠠᠤᠨ ᠭᠡᠯᠳᠡᠭᠡᠢ ᠳᠤᠯᠢᠳᠠᠢ ᠭᠡᠯᠡᠭ᠍ᠰᠡᠨ ᠦᠭᠡᠶ ᠭᠡᠨ᠎ᠡ᠃》 ᠭᠡᠵᠡᠢ᠃

ᠲ᠋ᠡᠭᠡᠭᠡᠳ ᠭᠦᠭ᠍ᠰᠢᠨ ᠱᠥᠭᠦᠭ᠍ᠳᠡᠭᠡᠳ ᠠᠷᠭ᠎ᠠ ᠪᠠᠨ ᠪᠠᠷᠠᠵᠤ᠄

《ᠦᠶ‍ᠢ ᠴᠢ ᠴᠢᠨᠢ ᠶᠠᠭᠠᠭᠢᠭᠰᠠᠨ ᠬᠤᠤᠷᠳᠠᠢ ᠭᠦᠪᠠᠭᠦᠨ ᠪᠣᠢ 》 ᠭᠡᠰᠡᠨ ᠳᠤ ᠭᠦᠪᠠᠭᠦᠨ᠄

《ᠬᠤᠤᠷᠤᠨ ᠭᠡᠳᠡᠭ᠌ ᠨᠢ ᠱᠤᠤ ᠳᠤ ᠪᠠᠢ᠌ᠳᠠᠭ᠂ ᠬᠤᠷᠭᠤᠨ ᠭᠡᠳᠡᠭ᠌ ᠨᠢ ᠱᠦᠯᠦᠨ ᠳᠤ ᠪᠠᠢ᠌ᠳᠠᠭ》 ᠭᠡᠪᠡ᠃ ᠭᠦᠭ᠍ᠰᠢᠨ᠄

《ᠠᠢ ᠴᠢ ᠴᠢᠨᠢ ᠶᠠᠭᠠᠭᠢᠭᠰᠠᠨ ᠱᠤᠤᠳᠠᠢ ᠭᠦᠪᠠᠭᠦᠨ ᠪᠣᠢ 》 ᠭᠡᠰᠡᠨ ᠳᠤ ᠭᠦᠪᠠᠭᠦᠨ᠄

《ᠱᠤᠤ ᠭᠡᠳᠡᠭ᠌ ᠳᠠᠪᠣᠰᠤᠨ ᠳᠤ ᠪᠠᠢ᠌ᠳᠠᠭ᠂ ᠱᠥᠭᠦᠷᠮᠡᠭ᠌ ᠭᠡᠳᠡᠭ᠌ ᠣᠭᠤᠳᠠᠨ ᠳᠤ ᠪᠠᠢ᠌ᠳᠠᠭ》 ᠭᠡᠪᠡ᠃ ᠭᠦᠭ᠍ᠰᠢᠨ᠄

《ᠫᠠ ᠴᠢ ᠶᠠᠭᠠᠭᠢᠭᠰᠠᠨ ᠠᠭᠠᠳᠠᠢ ᠭᠦᠪᠠᠭᠦᠨ ᠪᠣᠢ 》 ᠭᠡᠰᠡᠨ ᠳᠤ ᠭᠦᠪᠠᠭᠦᠨ᠄

《ᠠᠭ᠎ᠠ ᠭᠡᠳᠡᠭ᠌ ᠴᠠᠢ ᠳᠤ ᠪᠠᠢ᠌ᠳᠠᠭ᠂ ᠠᠮᠳᠠ ᠭᠡᠳᠡᠭ᠌ ᠮᠢᠬᠠᠨ ᠳᠤ ᠪᠠᠢ᠌ᠳᠠᠭ》 ᠭᠡᠪᠡ᠃ ᠭᠦᠭ᠍ᠰᠢᠨ᠄

《ᠶ‍ᠤ᠋ ᠴᠢ ᠴᠢᠨᠢ ᠶᠠᠭᠠᠭᠢᠭᠰᠠᠨ ᠠᠤᠨ ᠲᠡᠶ ᠭᠦᠪᠠᠭᠦᠨ ᠪᠣᠢ 》 ᠭᠡᠰᠡᠨ ᠳᠤ ᠭᠦᠪᠠᠭᠦᠨ᠄

《ᠠᠤᠨ ᠭᠡᠳᠡᠭ᠌ ᠭᠦᠭ᠍ᠰᠢᠨ ᠳᠤ ᠪᠠᠢ᠌ᠳᠠᠭ᠂ ᠠᠭᠰᠤᠮ ᠭᠡᠳᠡᠭ᠌ ᠠᠳᠤᠭᠤᠨ ᠳᠤ ᠪᠠᠢ᠌ᠳᠠᠭ》 ᠭᠡᠪᠡ᠃

ᠢᠩᠭᠢᠭᠡᠳ ᠭᠦᠭ᠍ᠰᠢᠨ ᠱᠥᠭᠦᠭ᠍ᠳᠡᠭᠡᠳ ᠠᠷᠭ᠎ᠠ ᠪᠠᠨ ᠪᠠᠷᠠᠭᠠᠤᠨ ᠰᠠᠯᠤᠭᠠᠤᠨ ᠶᠠᠪᠣᠬᠤ ᠶᠢᠨ ᠦᠶ᠎ᠡ ᠳᠤ ᠭᠦᠪᠠᠭᠦᠨ ᠭᠦᠭ᠍ᠰᠢᠨ ᠢ ᠶᠠᠠᠳᠠᠭᠠᠯᠠᠵᠤ᠄

《ᠡᠷᠭᠢ ᠶᠢᠨ ᠣᠷᠤᠢ ᠳᠤ ᠣᠷᠭᠤᠭᠰᠠᠨ

ᠡᠯᠵᠢᠭᠡᠨ ᠴᠢᠭᠢ ᠶᠢᠨ ᠡᠪᠠᠰᠤᠨ ᠤ ᠳᠤᠯᠤᠭᠠᠢ ᠴᠠᠩᠭᠢᠯᠠᠳᠠᠭ᠃

ᠡᠷᠭᠢᠭᠦᠤ ᠪᠠᠷ ᠥᠭᠡ ᠭᠡᠯᠡᠭ᠍ᠰᠡᠨ

ᠡᠪᠦᠭᠡᠨ ᠠᠪᠣ ᠳᠠᠨᠠᠢ

ᠲ᠋ᠤᠯᠤᠭᠠᠢ ᠴᠠᠩᠭᠢᠯᠠᠳᠠᠭ᠃

ᠵᠤᠤᠬ᠎ᠠ ᠶᠢᠨ ᠣᠷᠤᠢ ᠳᠤ ᠣᠷᠭᠤᠭᠰᠠᠨ

ᠵᠤᠷᠮ᠎ᠠ ᠶᠢᠨ ᠰᠡᠭᠦᠯ ᠡᠪᠠᠰᠤᠨ ᠤ

ᠲ᠋ᠤᠯᠤᠭᠠᠢ ᠴᠠᠩᠭᠢᠯᠠᠳᠠᠭ᠃

ᠵᠠᠭᠤᠷᠮᠠᠭ ᠶᠢᠡᠷ ᠥᠭᠡ ᠭᠡᠯᠡᠭ᠍ᠰᠡᠨ

ᠵᠠᠮ ᠤᠨ ᠭᠦᠭ᠍ᠰᠢᠨ ᠳᠠᠨᠠᠢ

ᠲ᠋ᠤᠯᠤᠭᠠᠢ ᠴᠠᠩᠭᠢᠯᠠᠳᠠᠭ》 ᠭᠡᠵᠡᠢ᠃

᠁᠁᠁


ᠬᠠᠷ᠎ᠠ ᠢᠰᠢᠭᠡ ᠶᠢ ᠶᠠᠭᠠᠭᠢᠪᠠ ᠴᠢ


ᠠᠯᠠᠭ ᠢᠮᠠᠭ᠎ᠠ ᠶᠢᠨ ᠬᠠᠷ᠎ᠠ ᠢᠰᠢᠭᠡ ᠶᠢ ᠶᠠᠭᠠᠭᠢᠪᠠ ᠴᠢ

ᠠᠯᠠᠭᠠᠤᠨ ᠮᠢᠬ᠎ᠠ ᠶᠢ ᠨᠢ ᠢᠳᠡᠴᠢᠭᠡᠭ᠍ᠰᠡᠨ

ᠠᠷᠠᠰᠤ ᠶᠢ ᠨᠢ ᠶᠠᠭᠠᠭᠢᠪᠠ

ᠠᠷᠤᠭ ᠳᠡᠭᠡᠷ᠎ᠡ ᠳᠠᠯᠪᠢᠴᠢᠬᠠᠭᠰᠠᠨ

ᠣᠳᠤ ᠳᠡᠭᠡᠭᠡᠳ ᠶᠠᠭᠠᠭᠢᠪᠠ

ᠠᠯᠠᠭ ᠨᠤᠬᠠᠢ ᠵᠠᠭᠤᠭᠠᠤᠨ ᠶᠠᠪᠣᠴᠢᠬᠠᠭᠰᠠᠨ

ᠠᠯᠠᠭ ᠨᠤᠬᠠᠢ ᠶᠠᠭᠠᠭᠢᠪᠠ

ᠠᠪᠠᠴᠢᠨ ᠢ ᠳᠠᠭᠠᠭᠠᠤᠨ ᠶᠠᠪᠣᠴᠢᠬᠠᠯ᠎ᠠ᠃

ᠠᠪᠠᠴᠢᠨ ᠶᠠᠭᠠᠭᠢᠪᠠ

ᠳᠠᠤᠯᠠᠢ ᠭᠦᠭᠡᠭᠡᠭᠡᠳ ᠶᠠᠪᠣᠯ᠎ᠠ᠃

ᠳᠠᠤᠯᠠᠢ ᠶᠠᠭᠠᠭᠢᠪᠠ

ᠳᠠᠷᠠᠰᠤᠨ ᠳᠡᠭᠡᠭᠦᠷ ᠳᠠᠯᠳᠠᠰ ᠭᠡᠳ

ᠬᠤᠯᠤᠰᠤᠨ ᠳᠤᠤᠭᠤᠷ ᠬᠤᠯᠮᠠᠭ ᠭᠡᠳ ᠶᠠᠪᠣᠴᠢᠬᠠᠯ᠎ᠠ᠃

ᠳᠠᠷᠠᠰᠤ ᠬᠤᠯᠤᠰᠤ ᠶᠠᠭᠠᠭᠢᠪᠠ

ᠴᠠᠰᠤᠨ ᠳᠤ ᠳᠠᠷᠤᠭᠳᠠᠴᠢᠬᠠᠯ᠎ᠠ᠃

ᠴᠠᠰᠤ ᠶᠠᠭᠠᠭᠢᠪᠠ

ᠨᠠᠷᠠᠨ ᠳᠤ ᠬᠠᠢ᠌ᠯᠴᠢᠬᠠᠯ᠎ᠠ᠃

ᠨᠠᠷᠠ ᠶᠠᠭᠠᠭᠢᠪᠠ

ᠡᠭᠦᠯᠡᠨ ᠳᠤ ᠣᠷᠤᠴᠢᠬᠠᠯ᠎ᠠ᠃

ᠡᠭᠦᠯᠡ ᠶᠠᠭᠠᠭᠢᠪᠠ

ᠰᠠᠯᠭᠢᠨ ᠳᠤ ᠭᠡᠢ᠌ᠰᠦᠴᠢᠭᠡᠯ᠎ᠡ᠃

᠁᠁᠁


ᠭᠤᠭᠤ ᠭᠦᠤ ᠪᠣᠯᠤᠨ ᠭᠤᠤᠯ ᠤᠨ ᠮᠦᠰᠤᠨ ᠤ ᠥᠭᠡ


ᠭᠤᠭᠤ ᠭᠦᠤ ᠭᠤᠤᠯ ᠤᠨ ᠮᠦᠰᠤᠨ ᠳᠡᠭᠡᠷ᠎ᠡ ᠬᠠᠯᠭᠤᠷᠢᠭᠠᠤᠨ ᠣᠨᠠᠭᠰᠠᠨ ᠭᠡᠨ᠎ᠡ᠃ ᠳᠡᠭᠡᠭᠡᠳ ᠳᠠᠷᠠ ᠬᠤᠶᠠᠷ ᠴᠤᠬᠤᠮ ᠶᠠᠭᠤ ᠰᠠᠢ᠌ᠨ ᠪᠣᠯᠬᠤ ᠳᠤᠬᠠᠢ ᠶᠠᠷᠢᠯᠴᠠᠭᠰᠠᠨ ᠭᠡᠨ᠎ᠡ᠃

《ᠴᠢ ᠰᠠᠢ᠌ᠨ ᠦᠦ᠂ ᠪᠢ ᠰᠠᠢ᠌ᠨ ᠦᠦ 》

《ᠪᠢ ᠰᠠᠢ᠌ᠨ᠃》

《ᠴᠢ ᠰᠠᠢ᠌ᠨ ᠪᠠᠢ᠌ᠭᠠᠤᠨ ᠶᠠᠭᠠᠭᠢᠭᠠᠤᠨ ᠨᠠᠷᠠᠨ ᠳᠤ ᠬᠠᠢ᠌ᠯᠴᠢᠬᠠᠳᠠᠭ ᠪᠣᠢ 》

《ᠨᠠᠷᠠ ᠰᠠᠢ᠌ᠨ᠃》

《ᠨᠠᠷᠠ ᠰᠠᠢ᠌ᠨ ᠪᠠᠢ᠌ᠭᠠᠤᠨ ᠶᠠᠭᠠᠭᠢᠭᠠᠤᠨ ᠡᠭᠦᠯᠡᠨ ᠳᠤ ᠬᠠᠯᠬᠠᠯᠠᠭᠳᠠᠳᠠᠭ ᠪᠣᠢ 》

《ᠡᠭᠦᠯᠡ ᠰᠠᠢ᠌ᠨ᠃》

《ᠡᠭᠦᠯᠡ ᠰᠠᠢ᠌ᠨ ᠪᠠᠢ᠌ᠭᠠᠤᠨ ᠶᠠᠭᠠᠭᠢᠭᠠᠤᠨ ᠰᠠᠯᠭᠢᠨ ᠳᠤ ᠭᠦᠭᠡᠭᠡᠭ᠍ᠳᠡᠳᠡᠭ᠌ ᠪᠣᠢ 》

《ᠰᠠᠯᠭᠢᠨ ᠰᠠᠢ᠌ᠨ᠃》

《ᠰᠠᠯᠭᠢᠨ ᠰᠠᠢ᠌ᠨ ᠪᠠᠢ᠌ᠭᠠᠤᠨ ᠶᠠᠭᠠᠭᠢᠭᠠᠤᠨ ᠮᠤᠳᠤ ᠶᠢ ᠭᠡᠢ᠌ᠰᠭᠡᠵᠤ ᠳᠡᠢ᠌ᠯᠭᠦ ᠦᠭᠡᠶ ᠪᠣᠢ 》

《ᠮᠤᠳᠤ ᠰᠠᠢ᠌ᠨ᠃》

《ᠮᠤᠳᠤ ᠰᠠᠢ᠌ᠨ ᠪᠠᠢ᠌ᠭᠠᠤᠨ ᠶᠠᠭᠠᠭᠢᠭᠠᠤᠨ ᠭᠦᠮᠤᠨ ᠳᠤ ᠣᠭᠳᠤᠯᠤᠭᠳᠠᠴᠢᠬᠠᠬᠤ ᠪᠣᠢ 》

《ᠭᠦᠮᠤᠨ ᠰᠠᠢ᠌ᠨ᠃》

《ᠳᠡᠭᠡᠪᠠᠯ ᠬᠠᠰᠢ ᠯᠠ ᠪᠢ ᠰᠠᠢ᠌ᠨ ᠪᠢᠵᠠ ᠳ᠋ᠠ》 ᠭᠡᠵᠤ ᠭᠤᠭᠤ ᠭᠦᠤ ᠭᠡᠯᠡᠭ᠍ᠰᠡᠨ ᠭᠡᠨ᠎ᠡ᠃

᠁᠁᠁


ᠠᠷᠪᠠ ᠠᠰᠠᠭᠤᠯᠴᠠᠬᠤ


《ᠨᠢᠭᠡ ᠳᠤ ᠶᠠᠭᠤ ᠪᠣᠢ 》

《ᠨᠢᠭᠡ ᠥᠵᠡᠭ᠍ᠰᠡᠨ ᠶᠢᠡᠨ ᠮᠠᠷᠳᠠᠬᠤ ᠦᠭᠡᠶ᠃》

《ᠬᠤᠶᠠᠷ ᠲᠤ ᠶᠠᠭᠤ ᠪᠣᠢ 》

《ᠬᠤᠶᠠᠷ ᠭᠠᠷ ᠳᠠᠭᠢ ᠪᠠᠨ ᠠᠯᠳᠠᠬᠤ ᠦᠭᠡᠶ᠃》

《ᠭᠤᠷᠪᠠ ᠳᠤ ᠶᠠᠭᠤ ᠪᠣᠢ 》

《ᠭᠤᠷᠪᠠᠨ ᠬᠨ ᠲᠡᠶ ᠴᠢᠳᠤᠷ ᠶᠢᠡᠷ ᠮᠤᠷᠢ ᠪᠠᠨ ᠴᠢᠳᠤᠷᠯᠠᠪᠠᠯ ᠭᠤᠤ ᠡᠴᠡ ᠭᠠᠷᠤᠭᠠᠤᠨ ᠬᠠᠮᠢᠭ᠎ᠠ ᠶᠠᠪᠣᠬᠤ ᠪᠣᠢ 》

《ᠳᠦᠷᠪᠠ ᠳᠤ ᠶᠠᠭᠤ ᠪᠣᠢ 》

《ᠳᠦᠷᠪᠠᠨ ᠭᠦᠭᠦ ᠲᠡᠶ ᠦᠨᠢᠶ᠎ᠡ ᠪᠠᠨ ᠰᠠᠭᠠᠪᠠᠯ ᠰᠠᠭᠠᠯᠢ ᠪᠢᠰᠢ ᠦᠦ 》

《ᠳᠠᠪᠣ ᠳᠤ ᠶᠠᠭᠤ ᠪᠣᠢ 》

《ᠳᠠᠪᠤᠨ ᠬᠤᠰᠢᠭᠤ ᠮᠠᠯ ᠶᠢᠡᠨ ᠥᠰᠭᠡᠪᠠᠯ ᠳᠠᠯ᠎ᠠ ᠳᠦᠭᠦᠷᠭᠦ ᠪᠢᠰᠢ ᠦᠦ᠃》

《ᠵᠢᠷᠭᠤᠭ᠎ᠠ ᠳᠤ ᠶᠠᠭᠤ ᠪᠣᠢ 》

《ᠵᠢᠷᠤᠬᠠᠢ᠌ᠳᠤ ᠪᠢᠴᠢᠭ᠌ ᠰᠤᠷᠪᠠᠯ ᠡᠷᠳᠡᠮ ᠪᠢᠰᠢ ᠦᠦ 》

《ᠳᠤᠯᠤᠭ᠎ᠠ ᠳᠤ ᠶᠠᠭᠤ ᠪᠣᠢ 》

《ᠳᠤᠯᠤᠭᠠᠨ ᠪᠣᠷᠬᠠᠨ ᠣᠷᠤᠢ ᠳᠡᠭᠡᠷ᠎ᠡ ᠭᠠᠷᠪᠠᠯ ᠦᠷ ᠴᠠᠢ᠌ᠬᠤ ᠦᠭᠡᠶ ᠦᠦ᠃   》

《ᠨᠢ᠋ᠮᠠ ᠳᠤ ᠶᠠᠭᠤ ᠪᠣᠢ 》

《ᠨᠠᠷᠢᠨ ᠰᠢᠷᠭᠡᠭ᠌ ᠪᠣᠷᠤᠭᠠᠨ ᠣᠷᠤᠪᠠᠯ ᠨᠠᠪᠴᠢ ᠴᠡᠴᠡᠭ᠌ ᠳᠡᠯᠭᠡᠷᠡᠭᠦ  ᠥᠭᠡᠢ ᠦᠦ᠃》

《ᠶ‍ᠢᠰᠤ ᠳᠤ ᠶᠠᠭᠤ ᠪᠣᠢ 》

《ᠶ‍ᠢᠰᠤᠨ ᠮᠤᠷᠢ ᠪᠠᠷ ᠳᠠᠪᠭᠢᠭᠤᠯᠪᠠᠯ ᠣᠷᠤᠯᠳᠤᠭᠠᠨ ᠪᠢᠰᠢ ᠦᠦ 》

《ᠠᠷᠪᠠ ᠳᠤ ᠶᠠᠭᠤ ᠪᠣᠢ 》

《ᠠᠷᠪᠠᠨ ᠰᠠᠯᠠᠭ᠎ᠠ ᠲᠡᠶ ᠪᠣᠭᠤ ᠶᠢ ᠠᠯᠠᠪᠠᠯ ᠠᠪᠣ ᠶᠢᠨ ᠭᠠᠠᠵᠤᠭ᠎ᠠ ᠶᠢ ᠳᠠᠰᠤᠯᠬᠤ ᠦᠭᠡᠶ ᠪᠢᠰᠢ ᠦᠦ᠃》


ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2217
ᠴᠠᠭ᠄ 2010 ᠤᠨ ᠤ 04 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁