ᠲᠤᠬᠢᠷᠠᠮᠵᠢᠲᠠᠢ ᠬᠤᠪᠴᠠᠰᠤ ᠬᠤᠨᠠᠷ ᠨᠢ ᠤᠷᠮ᠎ᠠ ᠲᠡᠨᠢᠭᠡᠷ ᠪᠤᠯᠭᠠᠳᠠᠭ

ᠰᠠᠤᠠᠭᠢᠴᠠ ᠵᠦᠢ᠌ ᠶᠢᠨ ᠣᠬᠠᠭᠠᠠᠳᠠᠤᠨ ᠤᠨ ᠥᠵᠡᠭᠦ ᠪᠠᠷ ᠳᠤᠭᠢᠷᠠᠮᠵᠢᠳᠠᠢ ᠰᠠᠢ᠌ᠬᠠᠨ ᠬᠤᠪᠴᠠᠰᠤ ᠬᠤᠨᠠᠷ ᠢ ᠰᠤᠩᠭ᠋ᠤᠬᠤ ᠨᠢ ᠭᠦᠮᠦᠰ ᠤᠨ ᠣᠷᠮ᠎ᠠ ᠰᠠᠤᠠᠭᠢᠯ ᠢ ᠳᠡᠨᠢᠭᠡᠷ ᠰᠠᠢ᠌ᠬᠠᠨ ᠪᠣᠯᠭᠠᠨ ᠮᠠᠳᠠᠷᠠᠯ ᠢ ᠳᠠᠯᠪᠢᠷᠠᠭᠤᠯᠤᠨ ᠳᠠᠭᠠᠯᠠᠮᠵᠢᠳᠠᠢ ᠰᠡᠷᠡᠭ᠍ᠳᠡᠯ ᠢ ᠠᠪᠴᠢᠷᠠᠳᠠᠭ᠃ ᠣᠷᠮ᠎ᠠ ᠬᠠᠷᠢᠵᠤ ᠪᠠᠢ᠌ᠭ᠎ᠠ ᠦᠶᠡᠰ ᠬᠤᠪᠴᠠᠰᠤ ᠰᠤᠩᠭ᠋ᠤᠬᠤ ᠳᠤ ᠪᠠᠨ ᠠᠩᠬᠠᠷᠬᠤ ᠵᠣᠢ᠌ᠯ ᠭᠡᠪᠠᠯ᠄

1᠂ ᠠᠮᠠᠷᠬᠠᠨ ᠥᠷᠴᠢᠯᠡᠭᠡᠰᠤ ᠨᠤᠭᠤᠯᠤᠭᠠᠰᠤ ᠭᠠᠷᠳᠠᠭ ᠬᠤᠪᠴᠠᠰᠤ ᠶᠢ ᠡᠮᠦᠰᠭᠦ ᠦᠭᠡᠶ ᠪᠠᠢ᠌ᠪᠠᠯ ᠳᠡᠭᠡᠷ᠎ᠡ᠃ ᠡᠢ᠌ᠮᠤ ᠬᠤᠪᠴᠠᠰᠤ ᠨᠢ ᠭᠦᠮᠤᠨ ᠤ ᠰᠠᠤᠠᠭᠢᠯ ᠢ ᠳᠠᠭᠠᠯᠠᠮᠵᠢ ᠥᠭᠡᠢ᠌ᠳᠡᠭᠦᠯᠳᠡᠭ᠌᠃ ᠨᠠᠮᠤᠷ ᠤᠨ ᠣᠯᠠᠷᠢᠯ ᠳᠤ ᠵᠠᠷᠢᠮ ᠭᠦᠮᠦᠰ ᠭᠤᠳᠤᠷᠠᠩᠭ᠋ᠤᠢ ᠰᠡᠳᠬᠢᠯᠭᠡ ᠠᠮᠠᠷᠬᠠᠨ ᠡᠭᠦᠰᠳᠡᠭ᠌ ᠶᠤᠮ᠃ ᠰᠠᠤᠠᠭᠢᠴᠠ ᠶᠢᠨ ᠣᠬᠠᠭᠠᠠᠳᠠᠨ ᠤ ᠥᠵᠡᠭᠦ ᠪᠠᠷ ᠴᠠᠭ ᠠᠭᠤᠷ ᠤᠨ ᠳᠤᠭᠳᠠᠭᠤᠨ ᠪᠣᠰᠤ᠂ ᠡᠪᠠᠰᠤ ᠮᠤᠳᠤ ᠨᠠᠪᠴᠢ ᠴᠡᠴᠡᠭ᠌ ᠬᠤᠪᠬᠠᠢ᠌ᠷᠠᠬᠤ ᠵᠡᠷᠭᠡ ᠨᠢ ᠵᠠᠷᠢᠮ ᠭᠦᠮᠦᠰ ᠤᠨ ᠰᠡᠳᠬᠢᠯᠭᠡ ᠳᠤ ᠭᠦᠢᠳᠡᠮᠰᠦᠭ᠌ ᠪᠣᠭᠢᠨᠢᠳᠤᠯ ᠤᠨ ᠰᠡᠷᠡᠭ᠍ᠳᠡᠯ ᠥᠭ᠍ᠳᠡᠭ᠌ ᠡᠴᠡ ᠪᠣᠯᠵᠠᠢ ᠃

2᠂ ᠭᠡᠳᠦᠷᠭᠡᠢ ᠰᠢᠬᠠᠭᠤ ᠪᠠᠷᠢᠠᠳᠠᠭ ᠬᠤᠪᠴᠠᠰᠤ ᠶᠢ ᠡᠮᠦᠰᠭᠦ ᠦᠭᠡᠶ ᠪᠠᠢ᠌ᠬᠤ᠃ ᠡᠮᠡᠭ᠍ᠳᠡᠢ ᠭᠦᠮᠤᠨ ᠬᠤᠪᠴᠠᠰᠤ ᠬᠤᠨᠠᠷ ᠢ ᠰᠢᠬᠠᠭᠤ ᠡᠮᠦᠰᠪᠠᠯ ᠰᠡᠳᠬᠢᠯᠭᠡ ᠳᠤ ᠨᠢ ᠳᠠᠷᠤᠭᠠᠰᠤ ᠠᠪᠴᠢᠷᠠᠳᠠᠭ ᠂ ᠠᠭᠤᠵᠢᠭᠤ ᠡᠯᠪᠠᠭ᠌ ᠬᠤᠪᠴᠠᠰᠤ ᠡᠮᠦᠰᠪᠠᠯ ᠠᠮᠢᠰᠬᠤᠯ ᠰᠢᠬᠠᠭᠳᠠᠬᠤ ᠦᠭᠡᠶ᠂ ᠴᠢᠰᠤᠨ ᠡᠷᠭᠢᠯᠳᠡ ᠰᠠᠭᠠᠤᠨ ᠦᠭᠡᠶ ᠳᠤᠯᠠ ᠣᠷᠮ᠎ᠠ ᠰᠡᠳᠬᠢᠯᠭᠡ ᠴᠤ ᠰᠠᠢ᠌ᠵᠢᠷᠠᠳᠠᠭ᠃

3᠂ ᠬᠠᠳᠠᠭᠤ ᠪᠦᠰ ᠪᠠᠷᠠᠭᠠᠨ ᠤ ᠬᠤᠪᠴᠠᠰᠤ ᠶᠢ ᠡᠮᠦᠰᠭᠦ ᠦᠭᠡᠶ᠃ ᠡᠢ᠌ᠮᠦᠷᠭᠦ ᠬᠤᠪᠴᠠᠰᠤ ᠨᠢ ᠭᠦᠮᠦᠰ ᠲᠤ ᠳᠠᠭᠠᠯᠠᠮᠵᠢ ᠦᠭᠡᠶ ᠰᠡᠳᠭᠢᠭ᠍ᠳᠡᠯ ᠢ ᠠᠪᠴᠢᠷᠠᠨ᠎ᠠ᠃ ᠵᠥᠭᠡᠯᠡᠨ ᠪᠦᠰ ᠨᠡᠭᠡᠮᠡᠯ ᠪᠣᠶᠤ ᠨᠤᠤᠰᠤ ᠨᠤᠤᠯᠤᠷ ᠤᠨ ᠬᠤᠪᠴᠠᠰᠤ ᠨᠢ ᠡᠮᠦᠰᠭᠦ ᠳᠤ ᠳᠠᠭᠠᠯᠠᠮᠵᠢᠳᠠᠢ ᠪᠠᠢ᠌ᠳᠠᠭ᠃

4᠂ ᠭᠦᠵᠦᠭᠦᠤ ᠶᠢ ᠪᠠᠷᠢᠭᠰᠠᠨ ᠬᠤᠪᠴᠠᠰᠤ ᠶᠢ ᠡᠮᠦᠰᠭᠦ ᠦᠭᠡᠶ᠃


ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠡᠷᠡᠭᠦᠯ ᠡᠩᠬᠡ
ᠳᠠᠷᠤᠮ᠄ 2799
ᠴᠠᠭ᠄ 2010 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ