ᠳ·ᠮᠦᠷᠠᠨ ᠪᠣᠶᠤ 《ᠳᠤᠪᠳᠤᠯᠵᠤ ᠥᠩᠭᠡᠷᠡᠭ᠍ᠰᠡᠨ ᠣᠨ ᠵᠢᠯ》
᠊᠊᠊᠊᠊᠊᠊᠊᠊᠊᠊᠊᠊᠊᠊ ᠵᠠᠯᠠᠭᠤ ᠢᠷᠠᠭᠤ ᠨᠠᠢ᠌ᠷᠠᠭᠴᠢ ᠪᠣᠷᠵᠢᠭᠢᠨ ᠳ·ᠮᠦᠷᠠᠨ ᠤ《ᠳᠤᠪᠳᠤᠯᠵᠤ ᠥᠩᠭᠡᠷᠡᠭ᠍ᠰᠡᠨ ᠣᠨ ᠵᠢᠯ》 ᠭᠡᠭᠦ ᠢᠷᠠᠭᠤ ᠨᠠᠢ᠌ᠷᠠᠭ ᠤᠨ ᠳᠡᠭᠦᠪᠦᠷᠢ ᠶᠢ ᠣᠩᠰᠢᠭᠠᠤᠨ

ᠣᠨ ᠵᠢᠯ ᠭᠡᠵᠤ ᠬᠠᠴᠢᠨ ᠯᠠ ᠪᠠᠢ᠌ᠵᠠᠢ᠃ ᠣᠯᠠᠨ ᠶᠠᠩᠵᠤ ᠪᠠᠷ ᠱᠤᠤᠭᠢᠵᠤ᠂ ᠳᠤᠪᠳᠤᠯᠵᠤ᠂ ᠵᠢᠷᠭᠢᠵᠤ᠂ ᠳᠠᠭᠤᠯᠠᠵᠤ᠁ ᠢᠷᠠᠵᠤ᠂ ᠣᠯᠠᠨ ᠶᠠᠩᠵᠤ ᠪᠠᠷ ᠰᠤᠪᠣᠷᠠᠵᠤ᠂ ᠴᠤᠪᠣᠷᠠᠵᠤ᠂ ᠰᠤᠪᠣᠤᠠᠷᠠᠵᠤ᠂ ᠰᠤᠯᠦᠩᠭ᠋ᠡᠷᠡᠵᠤ᠁ ᠥᠩᠭᠡᠷᠡᠨ ᠣᠤᠠᠳᠠᠭ ᠴᠤ ᠪᠠᠢ᠌ᠵᠠᠢ᠃

ᠢᠷᠠᠭᠤ ᠨᠠᠢ᠌ᠷᠠᠭᠴᠢᠳ ᠤᠨ ᠣᠨ ᠵᠢᠯ ᠭᠡᠵᠤ ᠨᠠᠩ ᠴᠤ ᠣᠯᠠᠨ ᠶᠠᠩᠵᠤ ᠶᠢᠨ᠂ ᠣᠠᠳᠤᠤ ᠣᠠᠳᠤᠤ ᠥᠩᠭᠡ ᠶᠢᠨ ᠣᠨ ᠵᠢᠯ ᠤᠳ᠃ ᠣᠭᠢᠯᠠᠵᠤ᠂ ᠳᠠᠭᠤᠯᠠᠵᠤ᠂ ᠵᠡᠭᠦᠳᠦᠯᠡᠵᠤ᠂ ᠵᠦᠰᠠᠷᠠᠵᠤ᠁ ᠢᠷᠠᠵᠤ᠂ ᠣᠭᠢᠯᠠᠵᠤ᠂ ᠳᠠᠭᠤᠯᠠᠵᠤ᠂ ᠵᠡᠭᠦᠳᠦᠯᠡᠵᠤ᠂ ᠵᠦᠰᠠᠷᠠᠵᠤ ᠁ ᠪᠣᠴᠠᠨ ᠣᠤᠠᠳᠠᠭ ᠣᠨ ᠵᠢᠯ ᠤᠳ ᠪᠠᠢ᠌ᠵᠠᠢ᠃

ᠵᠠᠯᠠᠭᠤ ᠢᠷᠠᠭᠤ ᠨᠠᠢ᠌ᠷᠠᠭᠴᠢ ᠳ·ᠮᠦᠷᠠᠨ ᠤ ᠣᠨ ᠵᠢᠯ ᠪᠣᠯ ᠳᠡᠭᠦᠨ ᠤ ᠶᠠᠪᠣᠵᠤ ᠢᠷᠡᠭ᠍ᠰᠡᠨ ᠵᠠᠮ᠂ ᠶᠠᠭᠠᠭᠢᠬᠤ ᠶᠢᠨ ᠠᠷᠭ᠎ᠠ ᠦᠭᠡᠶ ᠥᠩᠭᠡᠷᠡᠯᠳᠡ ᠣᠴᠠᠷᠠᠯ ᠊᠊᠊᠊᠊᠊᠊᠊᠊᠊᠊᠊᠊᠊᠊ 《ᠳᠤᠪᠳᠤᠯᠵᠤ ᠥᠩᠭᠡᠷᠡᠭ᠍ᠰᠡᠨ ᠣᠨ ᠵᠢᠯ》᠃

ᠳᠠᠷᠠ ᠪᠠᠷ᠂ ᠳᠤᠰ ᠰᠠᠷ᠎ᠠ ᠶᠢᠨ ᠡᠭᠢ ᠪᠠᠷ ᠮᠢᠨᠤ ᠠᠵᠢᠯ ᠤᠨ ᠭᠠᠵᠠᠷ ᠭᠦᠷᠴᠤ᠂ ᠦᠪᠡᠷ ᠤᠨ ᠳᠦᠷᠦᠭᠦᠭᠡᠨ ᠭᠡᠪᠯᠡᠭᠦᠯᠦᠭ᠍ᠰᠡᠨ 《ᠳᠤᠪᠳᠤᠯᠵᠤ ᠥᠩᠭᠡᠷᠡᠭ᠍ᠰᠡᠨ ᠣᠨ ᠵᠢᠯ》 ᠭᠡᠭᠦ ᠢᠷᠠᠭᠤ ᠨᠠᠢ᠌ᠷᠠᠭ ᠤᠨ ᠳᠡᠭᠦᠪᠦᠷᠢ ᠪᠠᠨ ᠨᠠᠳᠠ ᠨᠢᠭᠡ ᠳᠠᠪᠳᠠᠷ ᠪᠠᠯᠡᠭᠯᠡᠨ ᠭᠦᠷᠭᠡᠪᠡ᠃

ᠳ·ᠮᠦᠷᠠᠨ ᠪᠣᠯ ᠪᠠᠭᠠᠷᠢᠨ ᠨᠤᠳᠤᠭ ᠲᠡᠶ ᠵᠠᠯᠠᠭᠤ ᠢᠷᠠᠭᠤ ᠨᠠᠢ᠌ᠷᠠᠭᠴᠢ᠃ ᠪᠠᠭᠠᠷᠢᠨ ᠪᠠᠷᠠᠭᠤᠨ ᠬᠤᠰᠢᠭᠤᠨ ᠤ ᠴᠠᠭᠠᠠᠨᠠᠭᠤᠷ ᠰᠤᠮᠤᠨ ᠤ ᠭᠦᠮᠤᠨ᠃ ᠡᠨᠡ ᠵᠢᠯ ᠭᠤᠴᠢᠨ ᠳᠦᠷᠪᠠ ᠲᠡᠶ᠃ ᠳᠠᠷᠠ ᠶᠡᠷᠡᠭᠡᠳ ᠣᠨ ᠤ ᠳᠤᠮᠳᠠᠴᠢ ᠪᠣᠶᠤ ᠰᠡᠭᠦᠯᠴᠢ ᠡᠴᠡ ᠡᠭᠢᠯᠡᠨ ᠰᠢᠯᠦᠭ᠌ ᠨᠠᠢ᠌ᠷᠠᠭ ᠪᠢᠴᠢᠨ ᠣᠷᠤᠯᠳᠤᠵᠤ᠂ ᠣᠳᠤ ᠪᠣᠯᠳᠠᠯ᠎ᠠ ᠣᠯᠠᠨ ᠠᠷᠪᠢᠨ ᠰᠢᠯᠦᠭ᠌ ᠨᠠᠢ᠌ᠷᠠᠭ ᠪᠢᠴᠢᠵᠤ ᠪᠦᠳᠦᠭᠡᠵᠤ᠂ ᠦᠪᠡᠷ ᠤᠨ ᠣᠯᠠᠨ ᠵᠢᠯ ᠤᠨ ᠣᠢ᠌ᠭ᠎ᠠ ᠦᠭᠡᠶ ᠴᠢᠷᠮᠠᠢ᠌ᠯᠭ᠎ᠠ ᠶᠢᠨ ᠡᠭᠢ᠂ ᠣᠷᠤᠯᠳᠤᠯᠭ᠎ᠠ ᠪᠦᠳᠦᠭᠡᠯᠭᠡ ᠶᠢᠨ ᠣᠭᠢ᠂ ᠣᠶᠤᠨ ᠪᠢᠯᠢᠭ᠌ ᠤᠨ ᠳᠠᠯᠠᠰᠳᠤ ᠪᠣᠯᠬᠤ ᠬᠠᠮᠤᠭ ᠠᠩᠬᠠᠨ ᠤ ᠢᠷᠠᠭᠤ ᠨᠠᠢ᠌ᠷᠠᠭ ᠤᠨ ᠳᠡᠭᠦᠪᠦᠷᠢ ᠊᠊᠊᠊᠊᠊᠊᠊᠊᠊᠊᠊᠊᠊᠊ 《ᠳᠤᠪᠳᠤᠯᠵᠤ ᠥᠩᠭᠡᠷᠡᠭ᠍ᠰᠡᠨ ᠣᠨ ᠵᠢᠯ》 ᠶ᠋ᠢᠡᠨ ᠭᠡᠪᠯᠡᠭᠦᠯᠵᠤ᠂ ᠣᠯᠠᠨ᠎ᠠ ᠵᠤᠯᠭᠠᠭᠤᠯᠵᠤ᠂ ᠣᠩᠰᠢᠯᠭ᠎ᠠ ᠰᠤᠨᠢᠷᠬᠠᠯ ᠤᠨ ᠭᠢᠨᠢ ᠳᠡᠭᠡᠵᠢ᠂ ᠣᠢ ᠪᠢᠯᠢᠭ᠌ ᠤᠨ ᠭᠢᠨᠢ ᠭᠦᠷᠳᠡᠭᠡᠯ ᠪᠣᠯᠭᠠᠨ ᠡᠷᠭᠦᠨ ᠪᠠᠷᠢᠯ᠎ᠠ᠃

《ᠳᠤᠪᠳᠤᠯᠵᠤ ᠥᠩᠭᠡᠷᠡᠭ᠍ᠰᠡᠨ ᠣᠨ ᠵᠢᠯ》 ᠭᠡᠭᠦ ᠢᠷᠠᠭᠤ ᠨᠠᠢ᠌ᠷᠠᠭ ᠤᠨ ᠳᠡᠭᠦᠪᠦᠷᠢ᠂ 2010 ᠣᠨ ᠤ 9 ᠰᠠᠷ᠎ᠠ ᠳᠤ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ ᠳᠤ ᠭᠡᠪᠯᠡᠭ᠍ᠳᠡᠵᠤ᠂ ᠵᠤᠬᠢᠶᠠᠭᠴᠢ ᠶᠢᠨ ᠣᠷᠴᠢᠮ ᠤᠨ ᠠᠷᠪᠠᠭᠠᠤᠨ ᠵᠢᠯ ᠳᠤ ᠵᠤᠬᠢᠶᠠᠨ ᠪᠦᠳᠦᠭᠡᠭ᠍ᠰᠡᠨ 136 ᠰᠢᠯᠦᠭ᠌ ᠨᠠᠢ᠌ᠷᠠᠭ ᠢ ᠣᠷᠤᠰᠢᠯ ᠳᠡᠭᠦᠰᠭᠡᠯ ᠤᠨ ᠥᠭᠡ ᠲᠡᠶ ᠨᠢ ᠪᠠᠭᠳᠠᠭᠠᠭᠰᠠᠨ 530 ᠣᠷᠴᠢᠮ ᠨᠢᠭᠤᠷ ᠲᠡᠶ᠂ ᠶᠡᠭᠡ 32 ᠵᠦᠰᠤᠮ ᠤᠨ ᠰᠦᠷᠯᠢᠭ᠌ ᠳᠤᠮᠤ ᠨᠤᠮ᠂ ᠰᠦᠷᠭᠡᠢ ᠵᠤᠵᠠᠭᠠᠨ ᠳᠡᠭᠦᠪᠦᠷᠢ᠃

ᠳᠤᠰ ᠳᠡᠭᠦᠪᠦᠷᠢ ᠶᠢ ᠣᠩᠰᠢᠨ ᠰᠠᠭᠤᠬᠤ ᠳᠤ᠂ ᠵᠠᠯᠠᠭᠤ ᠢᠷᠠᠭᠤ ᠨᠠᠢ᠌ᠷᠠᠭᠴᠢ ᠶᠢᠨ ᠮᠢᠨᠢ ᠵᠢᠳᠭᠦᠵᠤ ᠵᠤᠷᠢᠵᠤ ᠢᠷᠡᠭ᠍ᠰᠡᠨ ᠵᠠᠮ ᠮᠦᠷ᠂ ᠵᠦᠳᠡᠷᠡᠵᠤ ᠳᠠᠮᠠᠤᠯᠠᠵᠤ ᠶᠠᠪᠣᠭᠰᠠᠨ ᠣᠢ᠌ᠯᠠ ᠳᠦᠷᠢ ᠳᠤᠳᠤᠬᠠᠨ ᠬᠠᠷᠠᠭᠳᠠᠨ᠎ᠠ᠃

ᠰᠤᠷᠴᠤ ᠰᠤᠳᠤᠯᠬᠤ ᠳᠤ ᠬᠠᠯᠠᠰᠢᠷᠠᠯ ᠦᠭᠡᠶ ᠳᠠᠷᠠ ᠪᠠᠷ᠂ ᠰᠤᠷᠭᠠᠭᠤᠯᠢ ᠰᠤᠶᠤᠯ ᠤᠨ ᠮᠦᠷ ᠢ ᠭᠦᠢᠴᠡᠳ ᠬᠠᠢ᠌ᠭᠰᠠᠨ ᠦᠭᠡᠶ᠂ ᠶᠡᠭᠡ ᠳᠡᠭᠡᠳᠤ ᠰᠤᠷᠭᠠᠭᠤᠯᠢ ᠳᠤ ᠰᠢᠰᠲ᠋ᠧᠮ ᠲᠡᠶ ᠰᠠᠭᠤᠵᠤ ᠰᠤᠷᠤᠯᠴᠠᠭᠰᠠᠨ ᠦᠭᠡᠶ ᠪᠣᠯᠪᠠᠴᠤ᠂ ᠰᠤᠷᠴᠤ ᠰᠤᠳᠤᠯᠬᠤ ᠪᠠᠨ ᠶᠠᠷᠤ ᠡᠴᠡ ᠬᠠᠶᠠᠭᠰᠠᠨ ᠦᠭᠡᠶ᠂ ᠰᠢᠭᠤᠷᠬᠠᠢ᠌ᠯᠠᠵᠤ ᠳᠠᠪᠰᠢᠬᠤ ᠪᠠᠨ ᠣᠭᠳᠤᠬᠠᠨ ᠴᠤ ᠣᠮᠠᠷᠳᠠᠭᠰᠠᠨ ᠦᠭᠡᠶ᠃ ᠠᠳᠠᠯ᠂ ᠭᠦᠭᠡᠭᠡᠴᠡᠯᠳᠦᠯ ᠤᠨ ᠶᠢᠡᠨ ᠴᠢᠯᠦᠭᠡ ᠵᠠᠢ ᠪᠠᠷ ᠠᠮᠢᠨ ᠬᠠᠢ᠌ᠷᠠᠳᠠᠢ ᠠᠪᠢᠶᠠᠰ ᠳᠤᠷᠠᠳᠠᠢ ᠢᠷᠠᠭᠤ ᠨᠠᠢ᠌ᠷᠠᠭ ᠶᠢᠡᠨ ᠠᠷᠭ᠎ᠠ ᠪᠦᠭᠦᠨ ᠢ ᠰᠥᠪᠠᠭ᠍ᠴᠢᠯᠡᠨ ᠣᠷᠠᠯᠠᠨ ᠰᠠᠳᠭᠢᠵᠤ ᠣᠬᠠᠭᠠᠯᠠᠨ ᠪᠦᠳᠦᠭᠡᠵᠤ᠂ ᠦᠨᠦ ᠪᠣᠯᠬᠤ ᠳᠤ ᠦᠪᠡᠷ ᠤᠨ ᠭᠡᠰᠡᠨ ᠭᠡᠪ ᠨᠠᠮᠪᠠ ᠲᠡᠶ ᠦᠷᠦᠭᠡᠯ ᠪᠣᠰᠤᠳ ᠲᠤ ᠬᠠᠷᠠᠭᠤᠯᠬᠤ ᠡᠴᠡ ᠣᠢ᠌ᠯᠠᠰ ᠪᠦᠳᠦᠮᠵᠢ ᠲᠡᠶ ᠵᠠᠯᠠᠭᠤ ᠣᠷᠠᠨ ᠪᠦᠳᠦᠭᠡᠯᠴᠢᠨ (ᠢᠷᠠᠭᠤ ᠨᠠᠢ᠌ᠷᠠᠭᠴᠢ) ᠪᠣᠯᠵᠤ᠂ ᠵᠠᠭᠤᠨ ᠣᠯᠠᠨ ᠤ ᠪᠠᠨ ᠡᠮᠦᠨ᠎ᠡ ᠵᠢᠪᠬᠤᠭ᠎ᠠ ᠴᠤᠭᠯᠢᠭ ᠵᠤᠭᠰᠤᠨ ᠳᠤᠳᠤᠷᠠᠭᠰᠠᠨ ᠪᠠᠢ᠌ᠨ᠎ᠠ᠃

ᠳ·ᠮᠦᠷᠠᠨ ᠢ ᠣᠤᠯ ᠨᠢ ᠪᠢ ᠳᠠᠨᠢᠬᠤ ᠦᠭᠡᠶ᠃ ᠶᠠᠮᠠᠷ ᠠᠳᠠᠯ ᠭᠢᠳᠠᠯ ᠭᠦᠭᠡᠭᠡᠴᠡᠯᠳᠡᠳᠡᠭ᠌ ᠢ ᠨᠢ ᠨᠠᠩ ᠴᠤ ᠳᠠᠮᠠᠢ ᠮᠡᠳᠡᠭᠦ ᠦᠭᠡᠶ᠃ ᠭᠡᠪᠠᠴᠤ ᠳᠡᠭᠦᠨ ᠤ ᠰᠢᠯᠦᠭ᠌ ᠨᠠᠢ᠌ᠷᠠᠭ ᠢ ᠰᠤᠨᠢᠨ ᠰᠡᠳᠭᠦᠯ᠂ ᠰᠦᠯᠵᠢᠶ᠎ᠠ ᠵᠠᠭᠤᠴᠢᠯᠠᠭᠤᠷ ᠡᠴᠡ ᠣᠯᠠᠨ ᠣᠩᠰᠢᠵᠤ ᠬᠠᠷᠠᠵᠤ ᠪᠠᠢ᠌ᠭᠰᠠᠨ᠃ ᠡᠨᠡ ᠣᠳᠠᠭ᠎ᠠ ᠬᠠᠯᠳᠤ ᠠᠭᠤᠯᠵᠠᠨ ᠵᠤᠯᠭᠠᠭᠠᠤᠨ᠂ ᠳᠡᠭᠦᠨ ᠤ ᠴᠤᠬᠤᠮ ᠶᠠᠮᠠᠷ ᠠᠵᠢᠯ ᠠᠯᠪᠠ ᠲᠡᠶ᠂ ᠶᠠᠮᠠᠷ ᠪᠠᠢ᠌ᠭᠤᠯᠭ᠎ᠠ ᠲᠡᠶ᠂ ᠶᠠᠭᠤ ᠭᠢᠳᠡᠭ᠌ ᠢ ᠨᠢ ᠠᠰᠠᠭᠤᠨ ᠰᠤᠷᠠᠬᠤᠯᠠᠷ᠂ ᠳᠠᠷᠠ ᠪᠠᠷ᠄ 《ᠪᠢ ᠶᠠᠮᠠᠷ ᠴᠤ ᠠᠵᠢᠯ ᠠᠯᠪᠠ ᠦᠭᠡᠶ᠂ ᠪᠠᠢ᠌ᠭᠤᠯᠭ᠎ᠠ ᠦᠭᠡᠶ᠃ ᠬᠤᠪᠢ ᠪᠠᠷ ᠶᠢᠡᠨ ᠶᠠᠭᠤᠮ᠎ᠠ ᠣᠷᠤᠯᠳᠤᠳᠠᠭ᠃ ᠰᠤᠷᠭᠠᠭᠤᠯᠢ ᠰᠤᠶᠤᠯ ᠤᠨ ᠪᠣᠱᠤᠭ᠎ᠠ ᠶᠢ ᠰᠢᠰᠲ᠋ᠧᠮ ᠲᠡᠶ ᠠᠯᠬᠤᠭᠰᠠᠨ ᠦᠭᠡᠶ ᠣᠴᠢᠷ ᠡᠴᠡ᠂ ᠨᠠᠳᠠ ᠠᠵᠢᠯ (ᠠᠯᠪᠠᠨ) ᠣᠯᠬᠤ ᠠᠵᠠ ᠲᠤᠬᠢᠶᠠᠯ ᠭᠡᠵᠤ ᠳᠤᠭᠢᠳᠠᠢ ᠳᠠᠭᠠᠷᠠᠯᠳᠤᠭᠰᠠᠨ ᠦᠭᠡᠶ᠃ ᠣᠷᠴᠢᠮ ᠤᠨ ᠠᠷᠪᠠᠭᠠᠤᠨ ᠵᠢᠯ ᠭᠤᠤᠯᠳᠠᠭᠤ ᠬᠤᠪᠢ ᠪᠠᠷ ᠶᠢᠡᠨ ᠶᠠᠭᠤᠮ᠎ᠠ ᠭᠢᠭ᠍ᠰᠡᠨ᠃ ᠭᠦᠭ᠍ᠵᠢᠮ ᠤᠨ ᠠᠩᠭᠢ ᠳᠦᠷᠦᠭᠦᠳᠡᠨ ᠢ ᠵᠤᠬᠢᠶᠠᠨ ᠪᠠᠢ᠌ᠭᠤᠯᠵᠤ ᠪᠦᠭᠦ ᠦᠪᠣᠷ ᠮᠤᠩᠭ᠋ᠤᠯ᠂ ᠴᠢᠨᠠᠭᠰᠢᠯᠠᠨ ᠪᠦᠭᠦ ᠣᠯᠤᠰ ᠤᠨ ᠡᠯ᠎ᠡ ᠭᠠᠵᠠᠷ ᠤᠳ ᠶᠢᠡᠷ ᠳᠤᠭᠤᠷᠢᠨ ᠳᠤᠭᠯᠠᠵᠤ ᠶᠠᠪᠣᠭᠰᠠᠨ᠃ ᠪᠢ ᠪᠠᠭ᠎ᠠ ᠡᠴᠡ ᠪᠠᠶ᠎ᠠ ᠶᠢᠨ ᠳᠠᠮᠢᠷ ᠲᠤ ᠳᠤᠷ᠎ᠠ ᠪᠠᠬᠠᠳᠠᠢ᠃ ᠪᠠᠶ᠎ᠠ ᠶᠢᠨ ᠳᠠᠮᠢᠷ ᠤᠨ ᠠᠩᠭᠢ ᠳᠤ ᠪᠠᠰᠠ ᠶᠠᠪᠣᠵᠤ ᠥᠩᠭᠡᠷᠭᠡᠰᠡᠨ᠃》 ᠭᠡᠵᠤ ᠬᠤᠪᠢ ᠶᠢᠨ ᠪᠠᠢ᠌ᠳᠠᠯ ᠶᠢᠡᠨ ᠨᠠᠳᠠ ᠳᠦᠭᠦᠮᠭᠡᠨ ᠰᠢᠭ᠌ ᠶᠠᠷᠢᠵᠤ ᠭᠠᠷᠴᠤ ᠪᠢᠯᠠ᠃ ᠳᠡᠭᠦᠨ ᠤ ᠰᠢᠯᠦᠭ᠌ ᠨᠠᠢ᠌ᠷᠠᠭ᠂ ᠳᠡᠭᠦᠪᠦᠷᠢ ᠵᠤᠬᠢᠶᠠᠯ ᠢ ᠣᠩᠰᠢᠨ ᠪᠠᠢ᠌ᠬᠤ ᠳᠤ᠂ ᠡᠨᠡᠭᠦ ᠪᠠᠢ᠌ᠳᠠᠯ᠂ ᠥᠩᠭᠡᠷᠡᠯᠳᠡ ᠨᠢ ᠰᠢᠯᠦᠭ᠌ ᠨᠠᠢ᠌ᠷᠠᠭ ᠤᠨ ᠭᠢᠨᠢ ᠮᠦᠷ ᠪᠠᠳᠠᠭ ᠪᠣᠶᠤ ᠰᠢᠯᠦᠭ᠌ ᠪᠦᠷᠢ ᠶᠢᠨ ᠠᠷᠤ ᠳ᠋ᠠᠭᠢ ᠣᠨ ᠰᠠᠷ᠎ᠠ ᠶᠢᠨ ᠳᠤᠳᠤᠷᠬᠠᠢ᠌ᠯᠠᠯᠳᠠ ᠪᠣᠯᠤᠨ ᠪᠢᠴᠢᠭ᠍ᠳᠡᠭ᠍ᠰᠡᠨ ᠠᠬᠤᠢ᠂ ᠭᠠᠵᠠᠷ ᠣᠷᠤᠨ ᠤ ᠳᠤᠳᠤᠷᠬᠠᠢ᠌ᠯᠠᠯᠳᠠ ᠳᠤ ᠨᠢ ᠢᠯᠠᠷᠠᠨ ᠮᠡᠳᠡᠭ᠍ᠳᠡᠨ᠎ᠡ᠃

ᠳ·ᠮᠦᠷᠠᠨ ᠠᠷᠤ ᠭᠠᠵᠠᠷ ᠤᠨ ᠪᠠᠢ᠌ᠰᠢᠩᠳᠤ᠂ ᠴᠠᠭᠠᠠᠨᠠᠭᠤᠷ (ᠳᠡᠭᠦᠨ ᠤᠨ ᠨᠤᠳᠤᠭ ᠤᠨ ᠭᠠᠵᠠᠷ ᠤᠨ ᠨᠠᠷ᠎ᠠ) ᠡᠴᠡ ᠠᠪᠣᠭᠠᠤᠨ᠂ ᠠᠯᠤᠰ ᠡᠮᠦᠨᠡᠳᠤ ᠶᠢᠨ ᠭᠤᠸᠠᠩᠵᠸᠤ᠂ ᠬᠠᠩᠵᠸᠤ᠂ ᠠᠠᠾᠦ᠋ᠢ᠂ ᠵᠸᠵᠢᠶᠠᠩ ᠁ ᠵᠡᠷᠭᠡ ᠭᠠᠵᠠᠷ ᠣᠷᠤᠨ ᠨᠤᠭᠤᠳ ᠶᠢᠡᠷ ᠶᠠᠪᠣᠵᠤ ᠥᠩᠭᠡᠷᠡᠭ᠍ᠰᠡᠨ ᠪᠦᠭᠡᠳ ᠦᠪᠣᠷ ᠮᠤᠩᠭ᠋ᠤᠯ ᠲᠡᠶ ᠵᠡᠷᠭᠡᠯᠳᠡᠭᠡ ᠭᠦᠷᠰᠢ ᠾᠧᠪᠧᠢ᠂ ᠱᠠᠠᠰᠢ᠂ ᠱᠠᠠᠲᠦᠩ ᠁ ᠵᠡᠷᠭᠡ ᠭᠠᠵᠠᠷ ᠣᠷᠤᠨ ᠨᠤᠭᠤᠳ ᠶᠢᠡᠷ ᠴᠤ ᠣᠯᠠᠨ ᠣᠳᠠᠭ᠎ᠠ ᠶᠠᠪᠣᠵᠤ ᠥᠩᠭᠡᠷᠡᠭ᠍ᠰᠡᠨ ᠪᠠᠢ᠌ᠨ᠎ᠠ᠃ ᠳᠠᠷᠠ ᠶᠠᠭᠤ ᠭᠡᠵᠤ ᠡᠳᠡᠭᠡᠷ ᠭᠠᠵᠠᠷ ᠤᠳ ᠶᠢᠡᠷ ᠶᠠᠪᠣᠭᠰᠠᠨ ᠪᠣᠢ ︖ ᠭᠡᠪᠠᠯ᠂ ᠦᠪᠡᠷ ᠤᠨ ᠡᠷᠢᠯ ᠭᠦᠭᠡᠭᠡᠴᠡᠯᠳᠦᠯ᠂ ᠭᠦᠰᠡᠯ ᠮᠦᠷᠦᠭᠡᠳᠦᠯ ᠤᠨ ᠶᠢᠡᠨ ᠲᠦᠯᠦᠭᠡ ᠦᠪᠡᠷ ᠢ ᠪᠠᠨ ᠦᠪᠡᠷ ᠶᠢᠡᠷ ᠢᠯᠡᠷᠡᠭᠦᠯᠵᠤ ᠦᠪᠡᠷ ᠢ ᠪᠠᠨ ᠦᠪᠡᠷ ᠶᠢᠡᠨ ᠳᠠᠪᠳᠠᠨ ᠪᠣᠯᠪᠠᠰᠤᠷᠠᠭᠤᠯᠬᠤ ᠶᠢᠨ ᠳᠤᠰᠠᠳᠠ ᠶᠠᠮᠠᠷ ᠨᠢᠭᠡᠨ ᠶᠠᠭᠤᠮ᠎ᠠ ᠶᠢ ᠭᠢᠵᠤ ᠶᠠᠮᠠᠷ ᠨᠢᠭᠡᠨ ᠶᠠᠭᠤᠮ᠎ᠠ ᠶᠢ ᠪᠦᠳᠦᠭᠡᠭᠦ ᠶᠢᠨ ᠳᠤᠰᠠᠳᠠ ᠶᠠᠪᠣᠵᠠᠢ᠃ ᠳᠠᠷᠠ ᠬᠠᠮᠢᠭ᠎ᠠ᠂ ᠭᠡᠨ ᠤ ᠭᠠᠵᠠᠷ ᠶᠠᠪᠣᠭᠰᠠᠨ ᠴᠤ᠂ ᠭᠡᠳᠡ ᠳᠠᠷᠠᠯᠠᠵᠤ ᠭᠡᠭᠡᠷ᠎ᠡ ᠬᠤᠨᠤᠭᠰᠠᠨ ᠴᠤ᠂ ᠬᠠᠭᠠᠯᠭ᠎ᠠ ᠳᠤᠭᠰᠢᠵᠤ ᠬᠠᠪᠰᠤᠷᠤᠯᠭ᠎ᠠ ᠳᠤᠰᠠᠯᠠᠯᠭ᠎ᠠ ᠭᠦᠰᠡᠵᠤ 《ᠴᠢᠷᠠᠢ᠌ᠳᠠᠭᠰᠠᠨ》 ᠴᠤ᠂ ᠬᠠᠶᠠ ᠳᠠᠭᠠᠨ ᠨᠢᠭᠡ ᠬᠠᠯᠠᠭᠤᠨ ᠪᠦᠯᠢᠶᠡᠨ ᠴᠠᠢ ᠣᠰᠤ ᠣᠯᠵᠤ ᠣᠭᠤᠴᠢᠭᠰᠠᠨ ᠡᠰᠡ ᠴᠤ᠂   ᠬᠠᠢ᠌ᠷᠠᠳᠠᠢ ᠣᠢ᠌ᠯᠠᠰ ᠪᠠᠬᠠᠳᠠᠢ ᠵᠣᠢ᠌ᠯᠠᠰ ᠪᠣᠯᠬᠤ ᠡᠭᠡ ᠮᠤᠩᠭ᠋ᠤᠯ ᠭᠡᠯᠡ ᠪᠠᠨ ᠭᠡᠷᠡᠭᠯᠡᠵᠤ ᠵᠠᠷᠤᠵᠤ᠂ ᠡᠯᠳᠡᠪ ᠰᠡᠳᠭᠢᠭ᠍ᠳᠡᠯ ᠳᠦᠷᠦᠭ᠍ᠳᠡᠯ ᠶᠢᠡᠨ ᠳᠡᠮᠳᠡᠭᠯᠡᠵᠤ ᠰᠡᠢ᠌ᠷᠡᠭᠦᠯᠭᠦ ᠪᠣᠶᠤ ᠳᠦᠷᠤᠯᠭᠢ ᠭᠡᠯᠡ ᠪᠠᠨ ᠬᠠᠢ᠌ᠷᠠᠯᠠᠵᠤ ᠬᠠᠮᠠᠭᠠᠯᠠᠬᠤ᠂ ᠳᠦᠷᠤᠯᠭᠢ ᠭᠡᠯᠡ ᠪᠠᠷ ᠶᠢᠡᠨ ᠵᠤᠬᠢᠶᠠᠨ ᠪᠦᠳᠦᠭᠡᠭᠦ᠂ ᠳᠦᠷᠤᠯᠭᠢ ᠭᠡᠯᠡ ᠪᠠᠨ ᠭᠦᠭ᠍ᠵᠢᠭᠦᠯᠵᠤ ᠮᠠᠠᠳᠠᠭᠠᠬᠤ ᠭᠡᠭ᠍ᠴᠢ ᠶᠢ ᠶᠠᠷᠤ ᠨᠢ ᠣᠮᠠᠷᠳᠠᠭᠰᠠᠨ ᠦᠭᠡᠶ᠃ ᠰᠠᠨᠠᠭ᠎ᠠ ᠪᠣᠳᠤᠯ ᠳᠠᠭᠠᠨ ᠠᠪᠴᠤ᠂ ᠰᠠᠨᠠᠭᠠᠴᠢᠯᠭ᠎ᠠ ᠲᠡᠶ ᠪᠣᠶᠤ ᠰᠠᠨᠠᠭᠠᠴᠢᠯᠭ᠎ᠠ ᠦᠭᠡᠶ ᠪᠠᠷ ᠴᠠᠭ ᠶᠢᠡᠨ ᠵᠠᠢ᠌ᠴᠢᠯᠠᠵᠤ ᠡᠭᠡ ᠮᠤᠩᠭ᠋ᠤᠯ ᠭᠡᠯᠡ ᠪᠠᠷ ᠶᠢᠡᠨ ᠴᠢᠮᠠᠯᠠᠰᠢ ᠦᠭᠡᠶ ᠣᠯᠠᠨ ᠰᠢᠯᠦᠭ᠌ ᠨᠠᠢ᠌ᠷᠠᠭ ᠵᠤᠬᠢᠶᠠᠨ ᠪᠢᠴᠢᠵᠤ ᠴᠢᠨᠠᠷᠯᠢᠭ ᠳᠤᠷᠪᠢᠯᠢᠭ ᠪᠦᠳᠦᠭᠡᠯ ᠳᠤᠭᠤᠷᠪᠢᠵᠤ ᠡᠷᠳᠡᠮ ᠪᠣᠯᠪᠠᠰᠤᠷᠠᠯ ᠤᠨ ᠵᠠᠮ ᠢ ᠦᠪᠡᠷ ᠤᠨ ᠭᠡᠰᠡᠨ ᠭᠡᠪ ᠵᠢᠮ᠎ᠠ ᠪᠠᠷ ᠶᠢᠡᠨ ᠡᠴᠡᠷᠡᠯ ᠦᠭᠡᠶ ᠡᠷᠢᠯᠭᠢᠯᠡᠵᠤ ᠭᠦᠭᠡᠭᠡᠵᠤ ᠶᠠᠪᠣᠵᠠᠢ᠃ ᠳᠡᠭᠦᠨ ᠤ ᠡᠨᠡᠭᠦ ᠵᠤᠷᠢᠭ ᠰᠠᠨᠠᠭ᠎ᠠ᠂ ᠠᠵᠢᠯᠯᠠᠭ᠎ᠠ ᠭᠢᠳᠠᠯ ᠨᠢ ᠮᠠᠭᠳᠠᠭᠤᠰᠢᠳᠠᠢ᠃ ᠡᠰᠡ ᠳᠠᠢ᠌ᠮᠤ ᠪᠣᠯ ᠮᠦᠩᠭᠦ ᠳᠦᠭᠦᠷᠢᠭ᠌ ᠢ ᠶᠡᠭᠡᠳᠡ ᠣᠯᠬᠤ ᠪᠣᠯᠤᠭᠰᠠᠨ ᠴᠤ ᠮᠤᠩᠭ᠋ᠤᠯ ᠰᠤᠶᠤᠯ᠂ ᠳᠦᠷᠤᠯᠭᠢ ᠭᠡᠯᠡ ᠪᠠᠨ ᠬᠠᠢ᠌ᠷᠠᠯᠠᠵᠤ ᠬᠠᠮᠭᠠᠯᠠᠬᠤ᠂ ᠭᠢᠮᠠᠭᠠᠳᠠᠵᠤ ᠵᠠᠷᠤᠬᠤ᠂ ᠭᠡᠷᠡᠭᠯᠡᠵᠤ ᠣᠯᠠᠮᠵᠢᠯᠠᠬᠤ ᠪᠠᠨ ᠠᠯᠢ ᠣᠵᠤᠭᠤᠷ ᠮᠠᠷᠳᠠᠨ ᠳᠠᠶᠠᠭᠳᠠᠴᠢᠬᠠᠭᠰᠠᠨ ᠪᠠᠢ᠌ᠬ᠎ᠠ ᠭᠡᠵᠤ ᠡᠨᠡ ᠵᠠᠪᠰᠠᠷ ᠪᠢ ᠰᠡᠮᠡᠭᠡᠨ ᠪᠣᠳᠤᠨ᠎ᠠ᠃

《ᠣᠷᠠᠨ ᠵᠤᠬᠢᠶᠠᠯ ᠪᠣᠯ ᠠᠮᠢᠳᠤᠷᠠᠯ ᠡᠴᠡ ᠡᠭᠢ ᠡᠭᠦᠰᠦᠯ ᠲᠡᠶ》᠂ 《ᠣᠷᠠᠨ ᠵᠤᠬᠢᠶᠠᠯ ᠪᠣᠯ ᠠᠮᠢᠳᠤᠷᠠᠯ ᠤᠨ ᠬᠠᠮᠤᠭ ᠤᠨ ᠳᠦᠪᠯᠡᠷᠡᠩᠭᠦᠢ ᠳᠤᠰᠬᠠᠯ ᠮᠦᠨ》 ᠭᠡᠵᠤ ᠮᠠᠨ ᠤ ᠭᠢᠨ ᠤ ᠣᠷᠠᠨ ᠵᠤᠬᠢᠶᠠᠯ ᠤᠨ ᠣᠨᠤᠯ ᠳᠤ ᠶᠠᠷᠢᠭᠳᠠᠳᠠᠭ᠃ ᠢᠷᠠᠭᠤ ᠨᠠᠢ᠌ᠷᠠᠭ ᠨᠢ ᠣᠷᠠᠨ ᠵᠤᠬᠢᠶᠠᠯ ᠤᠨ ᠴᠢᠬᠤᠯᠠ ᠨᠢᠭᠡᠨ ᠳᠦᠷᠤᠯ ᠰᠲ᠋ᠢᠯᠢ ᠪᠣᠯᠤᠭᠰᠠᠨ ᠤ ᠬᠤᠪᠢ ᠳᠤ᠂ ᠳᠠᠷᠠ ᠨᠢ 《ᠠᠮᠢᠳᠤᠷᠠᠯ ᠡᠴᠡ ᠡᠭᠢ ᠡᠭᠦᠰᠦᠯ ᠲᠡᠶ》᠂ 《ᠠᠮᠢᠳᠤᠷᠠᠯ ᠤᠨ ᠬᠠᠮᠤᠭ ᠤᠨ ᠳᠦᠪᠯᠡᠷᠡᠩᠭᠦᠢ ᠳᠤᠰᠬᠠᠯ ᠮᠦᠨ》 ᠪᠠᠢ᠌ᠬᠤ ᠨᠢ ᠭᠠᠷᠴᠠᠭ᠎ᠠ ᠦᠭᠡᠶ᠃ ᠵᠠᠯᠭᠤ ᠢᠷᠠᠭᠤ ᠨᠠᠢ᠌ᠷᠠᠭᠴᠢ ᠳ·ᠮᠦᠷᠠᠨ ᠤ ᠰᠢᠯᠦᠭ᠌ ᠨᠠᠢ᠌ᠷᠠᠭ ᠢ ᠣᠩᠰᠢᠨ ᠨᠢᠭᠳᠠᠯᠠᠬᠤ ᠳᠤ᠂ ᠡᠨᠡᠭᠦ 《ᠠᠮᠢᠳᠤᠷᠠᠯ ᠡᠴᠡ ᠡᠭᠢ ᠡᠭᠦᠰᠦᠯ ᠲᠡᠶ》᠂ 《ᠠᠮᠢᠳᠤᠷᠠᠯ ᠤᠨ ᠬᠠᠮᠤᠭ ᠤᠨ ᠳᠦᠪᠯᠡᠷᠡᠩᠭᠦᠢ ᠳᠤᠰᠬᠠᠯ》 ᠪᠣᠯᠤᠭᠰᠠᠨ ᠵᠣᠢ᠌ᠯᠠᠰ ᠣᠯᠠᠨ ᠰᠡᠳᠭᠢᠭ᠍ᠳᠡᠨ᠎ᠡ᠃ ᠳᠡᠭᠦᠨ ᠤ ᠠᠯᠢ ᠨᠢᠭᠡᠨ ᠰᠢᠯᠦᠭ᠌ ᠨᠠᠢ᠌ᠷᠠᠭ ᠤᠨ ᠠᠯᠢ ᠨᠢᠭᠡᠨ ᠮᠦᠷ ᠪᠠᠳᠠᠭ ᠢ ᠨᠢ ᠠᠪᠤᠨ ᠣᠩᠰᠢᠭᠰᠠᠨ ᠴᠤ᠂ ᠠᠮᠳᠠᠷᠬᠠᠨ ᠰᠤᠨᠢᠷᠬᠠᠭᠰᠠᠨ ᠴᠤ᠂ ᠠᠯᠢ ᠨᠢᠭᠡᠨ ᠵᠣᠢ᠌ᠯᠠᠰ ᠤᠨ ᠶᠠᠭᠤᠮ᠎ᠠ ᠡᠴᠡ ᠰᠠᠷᠠᠯᠳᠠ᠂ ᠰᠠᠳᠭᠢᠮᠵᠢ ᠠᠪᠴᠤ ᠠᠯᠢ ᠨᠢᠭᠡᠨ ᠵᠣᠢ᠌ᠯᠠᠰ ᠤᠨ ᠶᠠᠭᠤᠮ᠎ᠠ (ᠠᠭᠤᠯᠭ᠎ᠠ ᠣᠤᠠᠬ᠎ᠠ) ᠶ᠋ᠢ ᠭᠡᠯᠡᠨ᠎ᠡ᠂ ᠶᠠᠷᠢᠨ᠎ᠡ᠂ ᠳᠤᠰᠬᠠᠨ᠎ᠠ᠂ ᠢᠯᠡᠳᠭᠡᠨ᠎ᠡ ᠭᠡᠰᠡᠨ ᠨᠢ ᠢᠯᠡᠭᠡᠨ᠃ ᠳᠠᠷᠠᠴᠢᠯᠠᠨ ᠳᠠᠷᠠ ᠨᠢᠭᠡᠨ ᠵᠣᠢ᠌ᠯᠠᠰ ᠤᠨ ᠶᠠᠭᠤᠮ᠎ᠠ ᠪᠠᠨ ᠨᠠᠷᠢᠨ ᠠᠵᠢᠭᠯᠠᠵᠤ ᠨᠢᠮᠪᠠᠢ ᠵᠠᠳᠠᠯᠵᠤ ᠣᠠᠴᠠᠯᠢᠭ ᠰᠢᠠᠵᠢ᠂ ᠮᠦᠨ ᠴᠢᠨᠠᠷ ᠢ ᠭᠦᠢᠴᠡᠳ ᠦᠵᠡᠨ ᠭᠠᠷᠴᠤ ᠭᠦᠡᠵᠡᠭᠡᠢ ᠡᠵᠡᠮᠳᠡᠨ ᠡᠷᠭᠡᠰᠢᠶᠡᠭ᠍ᠰᠡᠨ ᠨᠢ ᠢᠯᠡᠷᠭᠡᠢ᠃

ᠢᠷᠠᠭᠤ ᠨᠠᠢ᠌ᠷᠠᠭᠴᠢ᠂ ᠣᠷᠠᠨ ᠵᠤᠬᠢᠶᠠᠯᠴᠢ ᠭᠦᠮᠤᠨ ᠠᠮᠢᠳᠤᠷᠠᠯ ᠢ ᠣᠢ᠌ᠯᠭᠠᠬᠤ ᠦᠭᠡᠶ ᠪᠠᠷ᠂ ᠠᠮᠢᠳᠤᠷᠠᠯ ᠢ ᠠᠵᠢᠭᠯᠠᠬᠤ ᠦᠭᠡᠶ ᠵᠠᠳᠠᠯᠬᠤ ᠦᠭᠡᠶ ᠪᠠᠷ ᠠᠮᠢᠳᠤᠷᠠᠯ ᠢ ᠦᠪᠡᠷ ᠤᠨ ᠡᠵᠡᠮᠳᠡᠯ ᠡᠷᠭᠡᠰᠢᠶᠡᠯ ᠳᠡᠭᠡᠨ ᠣᠷᠤᠭᠤᠯᠤᠨ᠎ᠠ ᠭᠡᠭ᠍ᠴᠢ ᠪᠣᠶᠤ ᠠᠮᠢᠳᠤᠷᠠᠯ ᠢ ᠪᠢᠴᠢᠨ᠎ᠡ᠂ ᠳᠤᠰᠬᠠᠨ᠎ᠠ᠂ ᠶᠠᠮᠠᠷ ᠨᠢᠭᠡᠨ ᠠᠭᠤᠤ ᠶᠡᠭᠡ ᠶᠤᠰᠤ᠂ ᠵᠢᠮ᠎ᠠ ᠶᠢ ᠢᠯᠡᠳᠭᠡᠨ᠎ᠡ᠂ ᠢᠯᠡᠷᠡᠭᠦᠯᠤᠨ᠎ᠡ ᠭᠡᠭ᠍ᠴᠢ ᠬᠤᠯᠠ ᠪᠠᠢ᠌ᠬ᠎ᠠ ︕ ᠵᠠᠯᠠᠭᠤ ᠢᠷᠠᠭᠤ ᠨᠠᠢ᠌ᠷᠠᠭᠴᠢ ᠮᠢᠨᠢ ᠡᠨᠡᠭᠦ ᠶᠤᠰᠤ᠂ ᠵᠢᠮ᠎ᠠ ᠶᠢ ᠭᠦᠢᠴᠡᠳ ᠮᠠᠳᠠᠵᠤ ᠳᠠᠨᠢᠵᠤ ᠮᠠᠳᠠᠷᠠᠵᠤ ᠣᠬᠠᠵᠤ᠂ ᠦᠪᠡᠷ ᠤᠨ ᠠᠮᠢᠳᠤᠷᠠᠯ ᠤᠨ ᠥᠩᠭᠡᠷᠡᠯᠳᠡ᠂ ᠣᠴᠠᠷᠠᠯ ᠲᠤᠬᠢᠶᠠᠯᠳᠤᠯ᠂ ᠰᠠᠷᠠᠯ ᠮᠠᠳᠠᠷᠠᠮᠵᠢ᠂ ᠰᠠᠳᠭᠢᠮᠵᠢ ᠳᠤᠩᠭ᠋ᠠᠭᠠᠯᠳᠠ ᠪᠦᠭᠦᠢ ᠵᠣᠢ᠌ᠯᠠᠰ ᠲᠡᠭᠡᠨ ᠪᠦᠷᠢᠨ ᠳᠦᠭᠦᠷᠡᠩ ᠰᠢᠷᠭᠠᠭᠠᠯᠳᠠ ᠳᠤᠩᠭ᠋ᠠᠭᠠᠯᠳᠠ ᠭᠢᠵᠤ ᠠᠯᠢᠪᠠ ᠵᠣᠢ᠌ᠯᠠᠰ ᠲᠤ ᠦᠪᠡᠷ ᠤᠨ ᠰᠠᠨᠠᠭ᠎ᠠ ᠪᠣᠳᠤᠯ ᠶᠢᠡᠨ ᠠᠭᠤᠰᠬᠠᠨ ᠰᠢᠮᠡᠳᠭᠡᠵᠤ᠂ ᠶᠠᠷᠢᠶ᠎ᠠ᠂ ᠭᠡᠯᠡᠶ᠎ᠡ᠂ ᠪᠢᠴᠢᠶ᠎ᠠ᠂ ᠳᠤᠰᠬᠠᠶ᠎ᠠ ᠭᠡᠰᠡᠨ ᠵᠣᠢ᠌ᠯᠠᠰ ᠶᠢᠡᠨ ᠰᠠᠨᠠᠭ᠎ᠠ ᠪᠣᠳᠤᠯ᠂ ᠰᠡᠷᠡᠭᠦᠢ ᠮᠡᠳᠡᠷᠡᠭᠦᠢ ᠶᠢᠨ ᠠᠶ᠎ᠠ ᠪᠠᠷ ᠶᠢᠡᠨ ᠣᠷᠠᠯᠠᠨ ᠪᠣᠰᠬᠠᠵᠤ ᠣᠬᠠᠭᠠᠯᠠᠨ ᠠᠮᠢᠯᠠᠭᠤᠯᠵᠤ ᠵᠢᠩᠭᠢᠨᠢ ᠣᠷᠠᠯᠢᠭ ᠤᠨ᠂ ᠣᠷᠠᠨ ᠵᠤᠬᠢᠶᠠᠯ ᠤᠨ ᠵᠣᠢ᠌ᠯᠠᠰ ᠪᠣᠯᠠᠭᠠᠵᠤ ᠴᠢᠳᠠᠵᠠᠢ᠃ ᠡᠨᠡ ᠪᠣᠯ ᠳ᠂ ᠮᠦᠷᠠᠨ ᠤ ᠰᠢᠯᠦᠭ᠌ ᠨᠠᠢ᠌ᠷᠠᠭ ᠢ ᠣᠩᠰᠢᠭᠰᠠᠨ ᠤ ᠳᠠᠷᠠᠭ᠎ᠠ᠂ ᠨᠠᠳᠠ ᠦᠭ‍ᠭᠦᠭ᠍ᠰᠡᠨ ᠬᠠᠮᠤᠭ ᠤᠨ ᠭᠦᠡᠵᠡᠭᠡᠢ ᠰᠠᠭᠤᠭᠳᠠᠯ᠂ ᠰᠡᠳᠭᠢᠭ᠍ᠳᠡᠯ ᠪᠣᠯᠤᠨ᠎ᠠ᠃

ᠳ·ᠮᠦᠷᠠᠨ ᠶᠠᠷᠤ ᠨᠢ ᠭᠡᠯᠡ ᠰᠠᠳᠭᠢᠮᠵᠢ ᠰᠠᠢ᠌ᠳᠠᠢ᠂ ᠰᠠᠷᠠᠮᠵᠢ ᠮᠠᠳᠠᠷᠠᠮᠵᠢ ᠥᠪᠠᠷᠮᠡᠴᠢᠯᠢᠭ᠌᠂ ᠰᠡᠷᠭᠦᠯᠡᠩ ᠰᠡᠴᠡᠷᠭᠡᠭ᠌ ᠵᠠᠯᠠᠭᠤ ᠪᠠᠢ᠌ᠨ᠎ᠠ᠃ ᠥᠭᠡ ᠶᠢ ᠨᠠᠷᠢᠨ ᠳᠤᠩᠭ᠋ᠠᠭᠠᠵᠤ ᠰᠢᠷᠭᠠᠭᠠᠵᠤ᠂ ᠳᠤᠭᠢᠷᠠᠭᠰᠠᠨ ᠥᠭᠡ ᠶᠢ ᠳᠤᠭᠢᠷᠠᠭᠰᠠᠨ ᠭᠠᠵᠠᠷ ᠨᠢ ᠣᠨᠤᠪᠴᠢᠯᠢᠭ ᠵᠠᠷᠤᠵᠤ ᠠᠷᠪᠢᠴᠠᠯᠢᠭ ᠭᠡᠷᠡᠭᠯᠡᠵᠤ᠂ ᠠᠭᠤᠯᠭ᠎ᠠ ᠠᠬᠤᠢ᠂ ᠣᠤᠠᠬ᠎ᠠ ᠰᠠᠨᠠᠭ᠎ᠠ ᠶᠢ ᠭᠦᠢᠴᠡᠳ ᠳᠦᠪᠯᠡᠷᠡᠩᠭᠦᠢ ᠳᠤᠰᠬᠠᠬᠤ ᠶᠢ ᠣᠠᠴᠠᠯᠠᠨ ᠠᠩᠬᠠᠷᠳᠠᠭ ᠭᠢᠷᠠᠬᠠᠢ ᠭᠢᠨᠠᠭᠤᠷ ᠰᠢᠯᠦᠭ᠍ᠴᠢ᠂ ᠨᠠᠢ᠌ᠷᠠᠭᠴᠢ ᠪᠠᠢ᠌ᠨ᠎ᠠ᠃ ᠰᠢᠨ᠎ᠡ ᠶᠢ ᠰᠠᠳᠭᠢᠨ ᠰᠢᠯᠢᠳᠡᠭ᠌ ᠢ ᠵᠠᠯᠭᠠᠮᠵᠢᠯᠠᠵᠤ᠂ ᠵᠠᠯᠭᠠᠮᠵᠢ ᠦᠶ᠎ᠡ ᠤᠨ ᠢᠷᠠᠭᠤ ᠨᠠᠢ᠌ᠷᠠᠭᠴᠢᠳ ᠤᠨ ᠡᠩᠨᠡᠭᠡ ᠳᠤ ᠵᠠᠢ ᠣᠷᠤ ᠪᠠᠨ ᠪᠦᠷᠢᠨ ᠡᠵᠡᠯᠡᠨ ᠣᠷᠤᠵᠤ ᠢᠷᠡᠭᠡ ᠰᠤᠳᠤᠨ ᠰᠢᠨ᠎ᠡ ᠭᠠᠷ ᠪᠠᠢ᠌ᠨ᠎ᠠ᠃ ᠡᠷᠡᠮᠡᠯᠵᠡᠯ ᠭᠦᠰᠡᠯ ᠳᠡᠭᠦᠰ ᠢᠷᠠᠭᠤ ᠨᠠᠢ᠌ᠷᠠᠭᠴᠢ ᠪᠠᠢ᠌ᠨ᠎ᠠ᠃ ᠡ᠊ᠨᠳᠡ ᠥᠨᠡᠯᠡᠭ᠍ᠳᠡᠨ ᠪᠠᠢ᠌ᠭ᠎ᠠ ᠡᠳᠡᠭᠡᠷ ᠪᠦᠭᠦᠨ ᠳᠡᠭᠦᠨ ᠤ ᠢᠷᠠᠭᠤ ᠨᠠᠢ᠌ᠷᠠᠭ ᠪᠦᠭᠦᠨ ᠤ ᠮᠦᠷ ᠪᠠᠳᠠᠭ᠂ ᠥᠭᠡ ᠥᠰᠦᠭ᠌᠂ ᠴᠡᠭ᠌ ᠳᠡᠮᠳᠡᠭ᠌᠂ ᠵᠠᠢ ᠵᠠᠪᠰᠠᠷ ᠪᠦᠭᠦᠨ ᠳᠤ ᠳᠤᠰᠬᠠᠭᠳᠠᠨ᠎ᠠ᠃

ᠪᠢᠴᠢᠯᠭᠡ᠂ ᠰᠡᠳᠬᠢᠯᠭᠡᠨ ᠤ ᠬᠤᠪᠢ ᠳᠤ᠂ ᠭᠤᠮᠤᠳᠠᠯ᠂ ᠭᠤᠮᠤᠷᠬᠠᠯ ᠤᠨ ᠠᠬᠤᠢ ᠡᠴᠡ ᠠᠭᠤᠴᠢᠯᠠᠯ᠂ ᠳᠠᠶᠠᠭᠳᠠᠯ ᠤᠨ ᠠᠬᠤᠢ ᠳᠤ ᠰᠢᠯᠵᠢᠭᠦ᠃ ᠪᠦᠳᠦᠷᠢᠯ᠂ ᠳᠠᠪᠠᠳᠠᠯ ᠤᠨ ᠴᠡᠭ᠌ ᠡᠴᠡ ᠪᠣᠳᠤᠯᠭᠠᠰᠢᠷᠠᠯ᠂ ᠰᠡᠭᠡᠭᠡᠷᠡᠯ ᠤᠨ ᠴᠡᠭ᠌ ᠲᠤ ᠳᠠᠪᠰᠢᠬᠤ᠃ ᠤᠢ᠌ᠳᠬᠠᠷ᠂ ᠭᠤᠨᠢᠭᠯᠠᠯ ᠤᠨ ᠣᠷᠴᠢᠨ ᠡᠴᠡ ᠠᠭᠤᠵᠢᠷᠠᠯ᠂ ᠳᠠᠢ᠌ᠪᠣᠰᠢᠷᠠᠯ ᠤᠨ ᠣᠷᠴᠢᠨ ᠳᠤ ᠭᠦᠷᠭᠦ ᠁ ᠵᠡᠷᠭᠡ ᠪᠣᠯ ᠳ·ᠮᠦᠷᠠᠨ ᠤ ᠰᠢᠯᠦᠭ᠌ ᠨᠠᠢ᠌ᠷᠠᠭ ᠤᠨ ᠪᠢᠴᠢᠯᠭᠡ᠂ ᠰᠡᠳᠬᠢᠯᠭᠡᠨ ᠤ ᠳᠠᠯ᠎ᠠ ᠳ᠋ᠠᠭᠢ ᠣᠠᠴᠠᠯᠢᠭ᠃ ᠪᠦᠳᠦᠮᠵᠢᠳᠡᠢ ᠳᠤᠷᠰᠢᠴᠠ᠂ ᠪᠦᠭᠦᠳᠡ ᠡᠴᠡ ᠣᠠᠴᠠᠯᠠᠭᠳᠠᠬᠤ ᠪᠦᠳᠦᠭᠡᠯᠭᠡ᠃ ᠮᠦᠨᠴᠤ ᠳᠡᠭᠦᠨ ᠤ ᠳᠠᠮᠠᠤᠯᠠᠵᠤ ᠵᠢᠳᠭᠦᠵᠤ᠂ ᠳᠠᠮᠠᠴᠠᠵᠤ ᠵᠤᠷᠢᠵᠤ ᠁ ᠢᠷᠡᠭ᠍ᠰᠡᠨ ᠤ ᠪᠣᠳᠠᠳᠤ ᠳᠤᠰᠬᠠᠯ᠂ ᠪᠣᠰᠤᠳᠴᠢ ᠬᠤᠷᠢᠶᠠᠩᠭ᠋ᠣᠢ᠌ᠯᠠᠯ᠃ ᠡᠭᠦᠨ ᠶᠢᠡᠨ ᠳᠠᠷᠠ ᠰᠢᠯᠦᠭ᠌ ᠨᠠᠢ᠌ᠷᠠᠭ ᠲᠠᠭᠠᠨ ᠭᠣᠢ᠌ᠳᠠ ᠳᠤᠭᠢᠯᠢᠭ ᠢᠯᠡᠷᠡᠭᠦᠯᠵᠤ ᠢᠯᠡᠳᠭᠡᠵᠤ ᠭᠤᠴᠤ ᠰᠠᠢ᠌ᠬᠠᠨ ᠳᠤᠰᠬᠠᠵᠤ ᠠᠭᠤᠰᠬᠠᠵᠤ ᠴᠢᠳᠠᠪᠠ᠃

ᠳ·ᠮᠦᠷᠠᠨ ᠪᠣᠯ ᠳᠠᠮᠠᠤᠯᠠᠵᠤ ᠢᠷᠡᠭ᠍ᠰᠡᠨ᠂ ᠳᠠᠮᠠᠴᠠᠵᠤ ᠶᠠᠪᠣᠭᠰᠠᠨ᠂ ᠳᠤᠩᠰᠢᠭᠤᠯᠵᠤ ᠭᠠᠷᠤᠭᠰᠠᠨ᠂ ᠳᠤᠪᠳᠤᠯᠵᠤ ᠪᠠᠭᠤᠭᠰᠠᠨ ᠢᠷᠠᠭᠤ ᠨᠠᠢ᠌ᠷᠠᠭᠴᠢ ︕ ᠳᠡᠭᠦᠨ ᠢ ᠪᠣᠶᠤ ᠳᠡᠭᠦᠨ ᠤ ᠢᠷᠠᠭᠤ ᠨᠠᠢ᠌ᠷᠠᠭ ᠢ ᠭᠡᠨ ᠨᠢᠭᠡ ᠭᠦᠮᠤᠨ ᠭᠡᠵᠢᠶᠡᠳᠡ ᠠᠩᠬᠠᠷᠴᠤ ᠠᠵᠢᠭᠯᠠᠵᠤ ᠶᠠᠪᠣᠭᠰᠠᠨ ᠪᠠᠢ᠌ᠵᠤ ᠮᠠᠳᠠᠨ᠎ᠠ᠃ ᠭᠡᠨ ᠭᠦᠮᠤᠨ ᠴᠤ ᠠᠩᠬᠠᠷᠴᠤ ᠠᠩᠵᠢᠶᠠᠷᠠᠭᠰᠠᠨ ᠦᠭᠡᠶ ᠶᠠᠪᠣᠭᠰᠠᠨ ᠪᠠᠢ᠌ᠵᠤ ᠴᠤ ᠮᠠᠳᠠᠨ᠎ᠠ᠃ ᠳᠠᠷᠠ ᠬᠠᠮᠢᠶ᠎ᠠ ᠦᠭᠡᠶ᠃ ᠳ·ᠮᠦᠷᠠᠨ ᠪᠣᠯ ᠮᠠᠨ ᠤ ᠵᠠᠯᠭᠠᠮᠵᠢ ᠦᠶ᠎ᠡ ᠶᠢᠨ ᠢᠷᠠᠭᠤ ᠨᠠᠢ᠌ᠷᠠᠭᠴᠢ ᠶᠢᠨ ᠡᠩᠨᠡᠭᠡ ᠳᠤ ᠵᠠᠢ ᠊᠊᠊᠊᠊᠊᠊᠊᠊᠊᠊᠊᠊᠊᠊ ᠣᠷᠤ ᠪᠠᠨ ᠡᠵᠡᠯᠡᠨ ᠳᠤᠳᠤᠷᠠᠭ᠎ᠠ ᠵᠠᠯᠠᠭᠤ ᠰᠤᠳᠤᠨ ᠢᠷᠠᠭᠤ ᠨᠠᠢ᠌ᠷᠠᠭᠴᠢ ᠶᠢᠨ ᠨᠢᠭᠡᠨ ᠭᠡᠵᠤ ᠪᠢ ᠦᠵᠡᠨ᠎ᠠ᠂ ᠦᠨᠡᠯᠠᠨ᠎ᠠ᠃ ᠳᠡᠭᠦᠨ ᠤ ᠳᠡᠷᠡᠭᠦ ᠵᠡᠭᠦᠳᠤ ᠮᠦᠷᠦᠭᠡᠳᠦᠯ ᠲᠡᠶ᠂ ᠵᠢᠳᠭᠦᠯ ᠴᠢᠷᠮᠠᠢ᠌ᠯᠭ᠎ᠠ ᠲᠡᠶ᠂ ᠵᠦᠳᠠᠷᠯ ᠶᠠᠳᠠᠷᠠᠯ ᠲᠡᠶ᠂ ᠵᠢᠷᠦᠭᠡ ᠰᠦᠰᠦᠳᠠᠢ ᠠᠮᠢᠳᠤᠷᠠᠯ ᠤᠨ ᠥᠩᠭᠡᠷᠡᠯᠳᠡ ᠣᠴᠠᠷᠠᠯᠳᠠ ᠪᠣᠶᠤ ᠢᠷᠠᠭᠤ ᠴᠡᠯᠮᠡᠭᠡᠷ᠂ ᠢᠯᠭᠤᠮ ᠳᠤᠳᠤᠬᠠᠨ᠂ ᠢᠳᠠ ᠳᠤᠷᠪᠢᠯᠢᠭ᠂ ᠢᠯᠴᠢ ᠳᠦᠷᠠᠯᠵᠠᠮ᠎ᠠ ᠬᠠᠢ᠌ᠷ᠎ᠠ ᠰᠡᠳᠬᠢᠯᠭᠡ᠂ ᠵᠢᠴᠢ ᠤᠶᠠᠩ‍ᠭ᠎ᠠ ᠰᠤᠳᠤᠬᠠᠨ᠂ ᠣᠬᠠᠭ᠎ᠠ ᠳᠠᠮᠢᠷᠯᠢᠭ᠂ ᠡᠴᠢᠨ᠎ᠡ ᠳᠠᠯᠳᠠ᠂ ᠡᠷᠡᠮᠡᠯᠵᠡᠯ ᠪᠦᠷᠢᠨ ᠰᠢᠯᠦᠭ᠌ ᠨᠠᠢ᠌ᠷᠠᠭ ᠳᠦᠷᠦᠭᠦᠳᠡᠨ ᠨᠢ ᠨᠠᠳᠠ ᠡᠭᠡᠭᠡ ᠠᠳᠠᠯᠢᠬᠠᠨ᠂ ᠡᠩ ᠰᠠᠴᠠᠭᠤ ᠣᠩᠰᠢᠭᠳᠠᠨ ᠳᠠᠭᠠᠯᠠᠭᠳᠠᠨ᠎ᠠ᠂ ᠣᠯᠵᠠᠷᠬᠠᠭ ᠰᠠᠨᠠᠭᠳᠠᠨ᠎ᠠ ︕ ᠁

《ᠭᠦᠮᠤᠨ ᠶᠠᠭᠤ ᠪᠠᠷ ᠮᠥᠩᠭᠡᠷᠡᠭᠦ ᠪᠣᠢ ︖ ᠢᠷᠠᠭᠤ ᠨᠠᠢ᠌ᠷᠠᠭ ᠶᠢᠡᠷ ᠮᠥᠩᠭᠡᠷᠡᠨ᠎ᠡ ︕ ᠢᠷᠠᠭᠤ ᠨᠠᠢ᠌ᠷᠠᠭ ᠰᠢᠭ ᠢᠷᠠᠭᠤ ᠰᠤᠳᠤᠬᠠᠨ ᠠᠮᠢᠳᠤᠷᠠᠯ᠂ ᠬᠠᠢ᠌ᠷ᠎ᠠ ᠰᠡᠳᠭᠢᠯ ᠶᠢᠡᠷ ᠮᠥᠩᠭᠡᠷᠡᠨ᠎ᠡ ︕ ᠢᠷᠠᠭᠤ ᠨᠠᠢ᠌ᠷᠠᠭ ᠰᠢᠭ ᠢᠷᠠᠭᠤ ᠰᠤᠳᠤᠬᠠᠨ ᠠᠮᠢᠳᠤᠷᠠᠯ᠂ ᠬᠠᠢ᠌ᠷ᠎ᠠ ᠰᠡᠳᠭᠢᠯ ᠶᠢᠡᠷ ᠮᠥᠩᠭᠡᠷᠭᠦ ᠰᠠᠢ᠌ᠬᠠᠨ ︕》 ᠭᠡᠵᠤ ᠣᠯᠳᠤᠢ ᠪᠢ ᠭᠡᠵᠢᠶᠡᠳᠡ ᠪᠣᠳᠤᠳᠠᠭ᠃ ᠡᠨᠡ ᠪᠣᠳᠤᠯ᠂ ᠥᠭᠡ ᠮᠢᠨᠢ ᠳᠠᠢ᠌ᠮᠤ ᠮᠡᠷᠭᠡᠨ ᠰᠠᠴᠠᠨ ᠪᠣᠳᠤᠯ᠂ ᠥᠭᠡ ᠪᠢᠰᠢ ᠪᠠᠢ᠌ᠬᠤ ᠨᠢ ᠶᠠᠷᠢᠶᠠᠨ ᠦᠭᠡᠶ᠃ ᠭᠡᠰᠡᠨ ᠴᠤ ᠨᠢᠭᠡᠨ ᠳᠠᠯ᠎ᠠ ᠶᠢᠨ ᠨᠢᠭᠡ ᠶᠤᠰᠤᠨ ᠤ ᠣᠴᠢᠷ ᠣᠤᠠᠬ᠎ᠠ ᠶᠢ ᠬᠠᠷᠠᠭᠤᠯᠬᠤ ᠪᠠᠢ᠌ᠬ᠎ᠠ ᠭᠡᠵᠤ ᠪᠢ ᠪᠣᠳᠤᠨ᠎ᠠ᠃ ᠡ᠊ᠨᠳᠡ ᠡᠨᠡ ᠥᠭᠡ ᠪᠠᠷ ᠶᠢᠡᠨ ᠡᠨᠡᠭᠦ ᠣᠬᠤᠷ ᠥᠭᠦᠯᠡᠮᠵᠢ ᠶᠢᠨ ᠶᠢᠡᠨ ᠳᠡᠭᠦᠰᠭᠡᠯ ᠪᠣᠯᠭᠠᠶ᠎ᠠ ︕

《ᠳᠤᠪᠳᠤᠯᠵᠤ ᠥᠩᠭᠡᠷᠡᠭ᠍ᠰᠡᠨ ᠣᠨ ᠵᠢᠯ》 ᠰᠢᠤ ᠪᠠᠨ ᠳᠤᠪᠳᠤᠯᠵᠤ ᠶᠠᠪᠣᠭᠠᠷᠠᠢ᠂ ᠳ·ᠮᠦᠷᠠᠨ ︕

ᠳᠤᠪᠳᠤᠯᠵᠤ ᠁ ᠶᠠᠪᠣᠵᠠᠭᠠᠶ᠎ᠠ᠂ ᠪᠢᠳᠠ ︕

    

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 1410
ᠴᠠᠭ᠄ 2011 ᠤᠨ ᠤ 10 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁