ᠬᠡᠦᠬᠡᠳ ᠲᠤ ᠳᠤᠯᠭᠠᠷᠠᠵᠤ ᠪᠠᠢ᠌ᠭ᠎ᠠ ᠭᠡᠳᠤᠨ ᠠᠰᠠᠭᠤᠳᠠᠯ

ᠶᠤᠸᠠᠨ ᠤ ᠬᠠᠮᠤᠭ ᠰᠡᠭᠦᠯᠴᠢ ᠶᠢᠨ ᠬᠠᠭᠠᠨ ᠳᠤᠭᠤᠨᠳᠠᠮᠤᠷ ᠳᠤᠮᠳᠠᠳᠤ ᠣᠷᠤᠨ ᠳ᠋ᠠᠭᠢ ᠨᠤᠶᠠᠷᠬᠠᠯ ᠶᠢᠡᠨ ᠠᠯᠳᠠᠵᠤ᠂ ᠳᠦᠴᠢᠨ ᠲᠦᠮᠡᠨ ᠮᠤᠩᠭ᠋ᠤᠯ ᠤᠨ ᠶᠢᠡᠨ ᠵᠢᠷᠭᠤᠭᠠᠬᠠᠨ ᠲᠦᠮᠡ ᠶᠢ ᠠᠪᠴᠤ ᠮᠤᠯᠳᠤᠰᠢ ᠬᠠᠭᠠᠯᠭ᠎ᠠ ᠪᠠᠷ ᠳᠤᠳᠠᠭᠠᠨ ᠭᠠᠷᠴᠤ ᠮᠤᠩᠭ᠋ᠤᠯ ᠨᠤᠳᠤᠭ ᠲᠤ ᠪᠠᠨ ᠪᠣᠴᠠᠵᠠᠢ᠃ ᠡᠨᠡ ᠶᠠᠪᠣᠳᠠᠯ ᠳᠤ ᠳᠤᠭᠤᠨᠳᠠᠮᠤᠷ ᠬᠠᠭᠠᠨ ᠦᠪᠡᠷ ᠶᠢᠡᠨ ᠳᠤᠩ ᠶᠡᠭᠡ ᠬᠠᠷᠠᠮᠰᠠᠵᠤ᠂ ᠠᠯᠳᠠᠷᠳᠤ 《ᠭᠡᠮᠰᠢᠯ ᠤᠨ ᠰᠢᠯᠦᠭ᠌》 ᠶ᠋ᠢᠡᠨ ᠭᠢᠩᠰᠢᠵᠤ ᠥᠯᠡᠳᠡᠭᠡᠭ᠍ᠰᠡᠨ ᠶᠤᠮ᠃ ᠡ᠊ᠨᠳᠡ ᠪᠢ ᠳᠤᠭᠤᠨᠳᠠᠮᠤᠷ ᠬᠠᠭᠠᠨ ᠢ 《ᠵᠢᠷᠭᠤᠭᠠᠨ ᠲᠦᠮᠡᠨ ᠮᠤᠩᠭ᠋ᠤᠯ ᠶᠢᠡᠨ ᠬᠠᠢ᠌ᠯᠤᠯᠳᠠ ᠡᠴᠠ ᠠᠪᠣᠷᠠᠵᠠᠢ》 ᠭᠡᠵᠤ ᠳᠠᠢ᠌ᠤᠠᠬᠤᠷᠠᠭᠤᠯᠤᠮᠠᠷ ᠪᠠᠢ᠌ᠨ᠎ᠠ᠃ ᠣᠴᠢᠷ ᠨᠢ ᠳᠤᠮᠳᠠᠳᠤ ᠣᠷᠤᠨ ᠢ ᠭᠤᠷᠪᠠᠨ ᠵᠠᠭᠤ ᠭᠠᠷᠤᠢ ᠵᠢᠯ ᠨᠤᠶᠠᠷᠬᠠᠭᠰᠠᠨ ᠮᠠᠠᠵᠤ ᠦᠨᠳᠦᠰᠦᠳᠠᠨ ᠭᠡᠯᠡ ᠰᠤᠶᠤᠯ ᠶᠢᠡᠨ ᠪᠦᠭᠦᠨ ᠢ ᠠᠯᠳᠠᠭᠠᠤᠨ ᠨᠠᠷ᠎ᠠ ᠡᠴᠠ ᠪᠠᠨ ᠣᠠᠳᠤᠤ ᠥᠯᠡᠳᠡᠭ᠍ᠰᠡᠨ ᠶᠠᠭᠤᠮ᠎ᠠ ᠦᠭᠡᠶ ᠰᠢᠤ ᠳ᠋ᠠ᠃ ᠢᠷᠠᠭᠤ ᠠᠯᠳᠠᠷ ᠭᠢᠭᠡᠳ ᠣᠭᠰᠠᠭᠠᠳᠠᠨ ᠤ ᠣᠷᠤᠰᠢᠨ ᠳᠤᠭᠳᠠᠨᠢᠯ ᠬᠤᠶᠠᠷ ᠤᠨ ᠬᠤᠪᠢ ᠶᠢᠨ ᠵᠢᠩ ᠨᠢ ᠠᠯᠢ ᠨᠢ ᠭᠦᠡᠳᠤ ᠪᠢᠯᠠ ︖ ᠨᠢᠭᠡ ᠦᠨᠳᠦᠰᠦᠳᠠᠨ ᠤ ᠮᠠᠠᠳᠤᠵᠤ ᠪᠠᠭᠤᠷᠬᠤ ᠬᠤᠪᠢ ᠵᠠᠶᠠᠭ᠎ᠠ ᠵᠥᠪᠭᠡᠨ ᠦᠪᠡᠷ ᠤᠨ ᠭᠢᠨᠢ ᠭᠠᠷ ᠲᠤ ᠯᠠ ᠪᠠᠢ᠌ᠳᠠᠭ ᠶᠤᠮ᠃ ᠶᠠᠮᠠᠷ ᠴᠤ ᠦᠨᠳᠦᠰᠦᠳᠠᠨ ᠢ ᠬᠠᠷᠢ ᠪᠣᠰᠤᠳ ᠰᠠᠨᠠᠭᠠᠴᠢᠯᠠᠭ᠎ᠠ ᠲᠡᠶ ᠮᠥᠭᠦᠭᠡᠨ᠎ᠡ ᠭᠡᠳᠡᠭ᠌ ᠭᠤᠠᠵᠢ ᠶᠢᠨ ᠵᠤᠭᠤᠭ᠃ ᠴᠢᠩ ᠣᠯᠤᠰ ᠤᠨ ᠦᠶ᠎ᠡ ᠳᠤ ᠮᠤᠩᠭ᠋ᠤᠯᠴᠤᠳ ᠢ ᠭᠠᠵᠠᠷ ᠤᠨ ᠭᠦᠷᠦᠰᠤᠨ ᠡᠴᠠ ᠠᠷᠴᠢᠬᠤ ᠶᠢ ᠣᠷᠤᠯᠳᠤᠵᠤ᠂ ᠪᠢᠴᠢᠭ᠌ ᠢ ᠨᠢ ᠬᠤᠷᠢᠶᠠᠵᠤ ᠭᠠᠯᠳᠡᠬᠤ᠂ ᠪᠢᠴᠢᠭ᠌ ᠴᠡᠷᠢᠭ᠌ ᠤᠨ ᠰᠢᠯᠭᠠᠭᠤᠯᠢ ᠳᠤ ᠣᠷᠤᠯᠴᠠᠭᠤᠯᠬᠤ ᠦᠭᠡᠶ᠂ ᠳᠦᠷᠤ ᠳᠤ ᠮᠤᠩᠭ᠋ᠤᠯ ᠴᠢᠳᠠᠪᠣᠷᠢᠳᠠᠨ ᠢ ᠭᠡᠷᠡᠭᠯᠡᠭᠦ ᠦᠭᠡᠶ᠂ ᠣᠭᠢ ᠰᠤᠳᠤᠨ ᠦᠷᠠᠰ ᠢ ᠨᠢ ᠲᠦᠪᠡᠳ ᠨᠤᠮ ᠣᠩᠰᠢᠭᠤᠯᠵᠤ ᠱᠠᠰᠢᠨ ᠶᠢᠡᠷ ᠮᠤᠩᠬᠠᠷᠠᠭᠤᠯᠬᠤ ᠵᠡᠷᠭᠡ ᠬᠠᠷ᠎ᠠ ᠬᠤᠤᠷᠳᠠᠢ ᠳᠦᠷᠤ ᠶᠢᠨ ᠪᠣᠳᠤᠯᠭ᠎ᠠ ᠠᠪᠣᠭᠠᠤᠨ ᠭᠡᠳᠡᠷᠭᠦ ᠮᠤᠩᠭ᠋ᠤᠯᠴᠤᠳ ᠤᠨ ᠭᠢᠯᠢᠩ ᠤᠨ ᠭᠠᠯ ᠢ ᠳᠦᠷᠡᠯᠵᠡᠭᠦᠯᠦᠭ᠍ᠰᠡᠨ ᠶᠤᠮ᠃ ᠰᠢᠨ᠎ᠡ ᠡᠷᠡᠨ ᠤ ᠮᠤᠩᠭ᠋ᠤᠯᠴᠤᠳ ᠮᠠᠨᠢ ᠡᠨᠡᠭᠦ ᠡᠷᠭᠡ ᠪᠠᠨ ᠠᠯᠳᠠᠭᠰᠠᠨ ᠳᠡᠦᠭᠡ ᠪᠠᠷ ᠳᠤᠯᠢ ᠪᠣᠯᠭᠠᠵᠤ ᠣᠭᠰᠠᠭᠠᠳᠠᠨ ᠤ ᠡᠷᠭᠡ ᠪᠠᠢ᠌ᠷᠢ᠂ ᠦᠨᠳᠦᠰᠦᠳᠠᠨ ᠶᠢᠡᠨ ᠭᠦᠭ᠍ᠵᠢᠭᠦᠯᠵᠤ ᠪᠠᠳᠠᠷᠠᠭᠤᠯᠬᠤ ᠬᠤᠶᠠᠷ ᠢ ᠠᠳᠠᠯᠢᠬᠠᠨ ᠳᠡᠷᠢᠭᠦᠨ ᠪᠠᠢ᠌ᠷᠢ ᠳᠤ ᠳᠠᠯᠪᠢᠭᠠᠤᠨ ᠡᠷᠭᠡ ᠴᠢᠯᠦᠭᠡ ᠢᠷᠠᠭᠤ ᠠᠯᠳᠠᠷ ᠤᠨ ᠳᠠᠯᠠᠢ ᠳᠤ ᠳᠤᠷ᠎ᠠ ᠮᠠᠳᠠᠨ ᠱᠤᠩᠪᠠᠬᠤ ᠪᠣᠯᠤᠯ᠎ᠠ᠃

ᠦᠨᠳᠦᠰᠦᠳᠠᠨ ᠪᠦᠭᠦᠨ ᠡᠷᠭᠡ ᠳᠡᠭ᠍ᠰᠢ ᠭᠡᠳᠡᠭ᠌ ᠳᠦᠷᠤ ᠶᠢᠨ ᠪᠣᠳᠤᠯᠭ᠎ᠠ ᠶᠢᠨ ᠳᠤᠶᠠᠭᠠᠯᠠᠯ ᠳᠤᠤᠷ᠎ᠠ ᠨᠢᠭᠡᠭᠡᠨ ᠨᠠᠪᠴᠢ ᠪᠠᠷ ᠨᠢᠳᠤ ᠪᠠᠨ ᠬᠠᠯᠬᠠᠯᠠᠨ ᠭᠦᠯ ᠭᠦᠭᠡᠷᠴᠡᠭ᠌ ᠪᠣᠯᠵᠠᠭᠠᠭᠰᠠᠨ᠃ ᠣᠯᠤᠰ ᠡᠴᠠ ᠲᠦᠯᠦᠪᠯᠡᠯᠭᠡ ᠲᠡᠶ ᠪᠠᠷ ᠬᠡᠦᠬᠡᠳ ᠠᠪᠬᠤ ᠳᠦᠷᠤ ᠶᠢᠨ ᠪᠣᠳᠤᠯᠭ᠎ᠠ ᠶᠢ ᠴᠤᠤᠷᠢᠶᠠᠳᠤᠵᠤ᠂ ᠴᠥᠭᠡᠨ ᠳᠤᠭᠠᠳᠤ ᠦᠨᠳᠦᠰᠦᠳᠠᠨ ᠭᠡᠳᠡᠭ᠌ ᠶᠢᠡᠨ ᠮᠠᠷᠳᠠᠭᠠᠤᠨ ᠭᠠᠭᠴᠠ ᠦᠷ᠎ᠡ ᠪᠠᠷ ᠭᠤᠯᠤᠮᠳᠠ ᠵᠠᠯᠭᠠᠵᠤ ᠦᠵᠡᠯ᠎ᠠ᠃ ᠶᠠᠮᠠᠷ ᠭᠡᠯᠡ ᠪᠠᠷ ᠰᠤᠷᠭᠠᠨ ᠭᠦᠮᠦᠵᠢᠯ ᠭᠦᠷᠳᠡᠭᠦ ᠨᠢ ᠮᠢᠨᠤ ᠡᠷᠭᠡ ᠴᠢᠯᠦᠭᠡ ᠭᠡᠵᠤ᠂ ᠴᠥᠭᠡᠨ ᠨᠢ ᠣᠯᠠᠨ ᠶᠢᠡᠨ ᠳᠠᠭᠠᠪᠠᠯ ᠰᠠ‍‌ᠶᠢ ᠢᠷᠡᠭᠡᠳᠦᠢ ᠲᠡᠶ ᠭᠡᠵᠤ᠂ ᠮᠤᠩᠭ᠋ᠤᠯ ᠶᠢᠡᠷ ᠰᠤᠷᠤᠭᠠᠤᠨ ᠭᠡᠷᠡᠭ᠍ᠴᠡᠭᠡ ᠦᠭᠡᠶ ᠭᠡᠵᠤ ᠣᠭᠰᠠᠭᠠᠳᠠᠨ ᠤ ᠢᠷᠡᠭᠡᠳᠦᠢ ᠪᠠᠨ ᠮᠠᠷᠳᠠᠭᠠᠤᠨ ᠭᠢᠳᠠᠤᠨ ᠰᠤᠷᠭᠠᠭᠤᠯᠢ ᠵᠥᠭ᠌ ᠬᠡᠦᠬᠡᠳ ᠶᠢᠡᠨ ᠴᠢᠭᠢᠵᠤ ᠦᠵᠡᠯ᠎ᠠ᠃ ᠨᠠᠶᠠᠭᠠᠤᠨ ᠣᠨ ᠡᠴᠠ ᠡᠭᠢᠯᠡᠨ ᠦᠨᠳᠦᠰᠦᠳᠠᠨ ᠤ ᠪᠠᠨ ᠣᠭᠢ ᠰᠤᠳᠤᠨ ᠪᠣᠯᠤᠭᠰᠠᠨ ᠬᠣᠢ᠌ᠴᠢᠰ ᠶᠢᠡᠨ ᠣᠷᠤᠨ ᠤ ᠭᠠᠳᠠᠨᠠᠭᠢ ᠶᠡᠭᠡ ᠰᠤᠷᠭᠠᠭᠤᠯᠢ ᠵᠥᠭ᠌ ᠰᠢᠯᠭᠠᠭᠤᠯᠵᠠᠭᠠᠯ᠎ᠠ ᠶᠡᠷᠡᠭᠡᠳ ᠣᠨ ᠡᠴᠠ ᠭᠠᠳᠠᠭᠠᠳᠤ ᠭᠡᠯᠡ ᠶᠢ ᠭᠦᠡᠳᠦᠳᠭᠡᠨ ᠭᠡᠯᠡ ᠪᠢᠴᠢᠭ᠌ ᠶᠢᠡᠨ ᠭᠦᠭᠡᠭ᠍ᠴᠢᠨ ᠮᠤᠩᠭ᠋ᠤᠯ ᠭᠡᠯᠡ ᠪᠣᠯᠭᠠᠵᠤ ᠰᠢᠯᠢᠳᠡᠭ᠌ ᠬᠡᠦᠬᠡᠳ ᠶᠢᠡᠨ ᠰᠤᠩᠭ᠋ᠤᠵᠤ ᠳᠤᠷᠰᠢᠵᠠᠭᠠᠯ᠎ᠠ ᠡᠨᠡ ᠨᠢ ᠣᠷᠴᠢᠮᠬᠠᠨ ᠭᠦᠭᠡ ᠪᠠᠷ ᠰᠢᠯᠭᠠᠭᠤᠯᠬᠤ ᠪᠣᠯᠤᠭᠰᠠᠨ ᠴᠤ ᠭᠢᠳᠠᠤᠨ ᠰᠤᠷᠤᠭᠴᠢ ᠲᠡᠶ ᠦᠷᠢᠰᠤᠯᠳᠤᠵᠤ ᠣᠯᠤᠰ ᠤᠨ ᠠᠯᠳᠠᠷᠳᠠᠢ ᠰᠤᠷᠭᠠᠭᠤᠯᠢ ᠳᠤ ᠣᠷᠤᠵᠤ ᠭᠢᠯᠠᠷᠠᠬᠤ ᠶᠢᠨ ᠭᠦᠭ᠍ᠰᠡᠯ ᠳᠤ ᠭᠦᠳᠦᠯᠦᠭ᠍ᠳᠡᠨ ᠭᠠᠳᠠᠭᠠᠳᠤ ᠭᠡᠯᠡ ᠶᠢ ᠮᠦᠨ ᠳᠡᠷᠢᠭᠦᠨ ᠪᠠᠢ᠌ᠷᠢᠨ ᠳᠤ ᠳᠠᠯᠪᠢᠵᠤ ᠡᠭᠡ ᠭᠡᠯᠡᠨ ᠤ ᠬᠤᠪᠢ ᠶᠢ ᠬᠠᠭᠠᠰ ᠶᠢᠡᠷ ᠨᠤᠭᠤᠯᠬᠤ ᠪᠣᠯᠤᠯ᠎ᠠ᠃ ᠡᠢ᠌ᠡᠭᠦ ᠮᠠᠨ ᠤ ᠰᠤᠳᠤᠨ ᠬᠡᠦᠬᠡᠳ ᠨᠢᠭᠡ ᠦᠶ᠎ᠡ ᠣᠯᠤᠰ ᠤᠨ ᠳᠤᠳᠤᠨ᠎ᠠ ᠭᠠᠳᠠᠨ᠎ᠠ ᠦᠭᠡᠶ ᠭᠢᠯᠠᠷᠠᠭᠤᠯᠬᠤ ᠪᠣᠯᠤᠭᠰᠠᠨ ᠴᠤ ᠥᠪᠠᠷᠳᠡᠭᠡᠨ ᠳᠤᠷᠠᠳᠠᠢ᠌ᠶ᠎ᠠ ᠣᠭ ᠣᠳᠤᠮ ᠤᠨ ᠵᠠᠯᠭᠠᠮᠵᠢ ᠦᠪ ᠰᠤᠶᠤᠯ ᠤᠨ ᠣᠯᠠᠮᠵᠢᠯᠠᠯ ᠶᠢᠡᠨ ᠣᠭᠤᠷᠴᠤ ᠳᠠᠪᠴᠢᠨ ᠬᠠᠢ᠌ᠯᠵᠤ ᠡᠭᠢᠯᠡᠯ᠎ᠡ᠃ ᠲᠥᠪ ᠤᠨ ᠦᠨᠳᠦᠰᠦᠳᠠᠨ ᠤ ᠶᠡᠭᠡ ᠰᠤᠷᠭᠠᠭᠤᠯᠢ ᠳᠤ ᠣᠷᠤᠭᠰᠠᠨ ᠵᠢᠷᠭᠤᠭᠠᠨ ᠰᠤᠷᠤᠭᠴᠢ ᠶᠢᠨ ᠨᠢᠭᠡ ᠨᠢ ᠨᠤᠳᠤᠭ ᠲᠤ ᠪᠠᠨ ᠬᠠᠷᠢᠵᠤ ᠳᠤᠯᠭ᠎ᠠ ᠶᠢᠨ ᠭᠠᠯ ᠶᠢᠡᠨ ᠪᠠᠳᠠᠷᠠᠭᠠᠭᠰᠠᠨ᠂ ᠭᠤᠷᠪᠠ ᠨᠢ ᠪᠠᠭᠡᠵᠢᠩ ᠳᠤ ᠢᠷᠭᠡᠨ ᠬᠡᠦᠬᠡᠳ ᠲᠡᠶ ᠪᠣᠯᠵᠤ ᠱᠤᠯᠤᠭᠠᠨᠠᠭᠰᠠᠨ᠂ ᠬᠤᠶᠠᠷ ᠨᠢ ᠶᠠᠫᠣᠨ ᠳᠤ ᠨᠠᠷᠠᠨ ᠠᠢ᠌ᠯ ᠪᠣᠯᠵᠤ ᠭᠡᠢ᠌ᠭ᠍ᠰᠡᠨ᠃

ᠮᠤᠩᠭ᠋ᠤᠯᠴᠤᠳ ᠮᠠᠨᠢ ᠴᠠᠭ ᠡᠷᠡᠨ ᠲᠡᠶ ᠮᠦᠷᠤ ᠵᠡᠷᠭᠡᠴᠡᠨ ᠣᠷᠤᠭᠰᠢᠯᠠᠬᠤ ᠭᠡᠵᠤ ᠣᠴᠢᠷ ᠦᠭᠡᠶ ᠮᠤᠩᠭ᠋ᠠᠨᠢᠬᠤ ᠳᠤ ᠪᠠᠨ ᠬᠡᠦᠬᠡᠳ ᠤᠨ ᠶᠢᠡᠨ ᠰᠡᠳᠭᠢᠭᠦᠢ ᠶᠢ ᠪᠣᠯᠵᠠᠭᠠᠵᠤ ᠪᠣᠢ᠃ ᠦᠷ᠎ᠡ ᠬᠡᠦᠬᠡᠳ ᠶᠢᠡᠨ ᠴᠢᠳᠠᠪᠣᠷᠢᠳᠠᠨ ᠪᠣᠯᠭᠠᠬᠤ ᠳᠤᠯᠭᠠᠮ᠎ᠠ ᠭᠦᠰᠡᠯ ᠳᠤ ᠪᠠᠨ ᠭᠦᠳᠦᠯᠦᠭ᠍ᠳᠡᠨ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠳᠤ ᠴᠠᠭᠠᠨ ᠳᠤᠯᠤᠭᠠᠢ ᠪᠠᠨ ᠳᠦᠩᠭᠡᠭᠡᠳ ᠵᠢᠭᠠᠵᠤ ᠪᠠᠷᠠᠮᠠᠭᠴᠠ ᠥᠭᠡ ᠪᠠᠨ ᠣᠩᠰᠢᠭᠠᠤᠨ ᠣᠢ᠌ᠯᠠᠭᠠᠬᠤ ᠦᠭᠡᠶ ᠪᠠᠢ᠌ᠨ᠎ᠠ ᠭᠡᠮᠡᠨ ᠶᠠᠭᠠᠷᠠᠤ ᠰᠠᠠᠠᠳᠤᠷᠤᠤ ᠦᠶᠡᠴᠢᠯᠠᠵᠤ ᠬᠠᠳᠠᠩᠰᠢᠭᠤᠯᠬᠤ ᠠᠯᠬᠤᠮ ᠶᠢᠡᠨ ᠳᠤᠪᠴᠢᠯᠠᠭᠠᠤᠨ ᠥᠭᠡᠴᠢᠯᠡᠭᠦᠯᠭᠦ ᠭᠡᠵᠤ ᠣᠷᠤᠯᠳᠤᠵᠤ ᠡᠭᠢᠯᠡᠯ᠎ᠡ᠃ ᠬᠤᠶᠠᠳᠤᠭᠠᠷ ᠣᠨ ᠤ ᠪᠦᠭᠦᠯᠢ ᠨᠢᠭᠡ ᠵᠢᠯ ᠥᠭᠡᠴᠢᠯᠡᠭᠡᠳ ᠭᠤᠷᠪᠠᠳᠤᠭᠠᠷ ᠣᠨ ᠪᠣᠯᠤᠭᠠᠤᠨ ᠢᠷᠡᠭᠦ ᠳᠤ ᠬᠡᠦᠬᠡᠳ ᠤᠳ ᠮᠠᠨᠢ ᠰᠢᠨ᠎ᠠ ᠥᠭᠡ ᠲᠤᠬᠢᠶᠠᠯᠳᠤᠪᠠᠯ ᠪᠠᠷᠤᠭ ᠶᠢᠡᠷ ᠨᠢ ᠳᠤᠳᠠᠭᠤ ᠳᠤᠷᠭᠤᠨ ᠭᠡᠯᠡᠭᠡᠢ᠌ᠷᠡᠵᠤ ᠣᠩᠰᠢᠬᠤ ᠳᠠᠳᠬᠠᠯ ᠲᠡᠶ ᠪᠣᠯᠴᠢᠬᠠᠵᠤ᠂ ᠶᠠᠭᠠᠭᠢᠵᠤ ᠣᠩᠰᠢᠪᠠᠯ ᠳᠡᠭᠡᠵᠤ ᠪᠢᠴᠢᠭᠦ ᠪᠣᠯᠵᠠᠢ᠃ ᠪᠠᠭᠰᠢ ᠨᠡᠷ ᠨᠢ ᠮᠡᠩᠳᠡᠭᠦᠷᠡᠭᠦ ᠶᠢᠨ ᠡᠷᠭᠡᠨ ᠳᠤ ᠥᠭᠡ ᠬᠤᠯᠪᠣᠭᠤᠯᠵᠤ ᠥᠭᠦᠯᠡᠪᠦᠷᠢ ᠵᠤᠬᠢᠶᠠᠯᠭᠠᠬᠤ ᠬᠠᠮᠤᠭ ᠴᠢᠬᠤᠯᠠ ᠭᠡᠯᠡᠨ ᠤ ᠪᠣᠯᠪᠠᠰᠤᠷᠠᠯ ᠶᠢᠡᠨ ᠬᠠᠶᠠᠭᠠᠤᠨ ᠬᠠᠭᠤᠯᠵᠤ ᠪᠢᠴᠢᠭᠦ ᠰᠤᠨᠤᠰᠴᠤ ᠪᠢᠴᠢᠭᠦ ᠪᠠᠷ ᠳᠠᠰᠢᠶ᠎ᠠ ᠪᠢᠴᠢᠯᠭᠡ ᠡᠴᠠ ᠠᠪᠣᠷᠠᠬᠤ ᠭᠡᠵᠤ ᠮᠤᠩᠭᠢᠨᠠᠵᠠᠭᠠᠯ᠎ᠠ᠃ ᠡᠨᠡ ᠨᠢ ᠦᠨᠡᠨ ᠳᠤ ᠪᠠᠨ ᠠᠪᠢᠶᠠᠴᠢᠯᠠᠵᠤ ᠰᠤᠷᠪᠠᠯ ᠵᠤᠭᠢᠬᠤ ᠳᠦᠷᠤᠯᠭᠢ ᠭᠡᠯᠡ ᠪᠠᠨ 《ᠪᠦᠭᠦᠯᠢᠳᠡᠭᠦ》 ᠪᠣᠯᠵᠤ᠂ ᠭᠠᠳᠠᠭᠠᠳᠤ ᠭᠡᠯᠡ ᠰᠤᠷᠴᠤ ᠪᠠᠢ᠌ᠭ᠎ᠠ ᠰᠢᠭ ᠳᠠᠩ ᠥᠭᠡ ᠴᠡᠭᠡᠵᠢᠯᠡᠭᠦᠯᠭᠦ ᠵᠥᠭ᠌ ᠲᠤ ᠨᠢ ᠬᠠᠠᠳᠤᠭᠤᠯᠴᠢᠬᠠᠯ᠎ᠠ᠃ ᠡᠭᠦᠨ ᠤ ᠦᠷ᠎ᠡ ᠳ᠋ᠦ᠋ᠩ ᠳᠤ᠄ ᠨᠢᠭᠡ ᠳᠤ᠂ ᠬᠡᠦᠬᠡᠳ ᠰᠦᠨᠢ ᠶᠢᠨ ᠶ‍ᠢᠰᠤ ᠠᠷᠪᠠᠨ ᠴᠠᠭ ᠪᠣᠯᠳᠠᠯ᠎ᠠ ᠪᠢᠴᠢᠭᠡᠳ ᠪᠠᠷᠠᠬᠤ ᠦᠭᠡᠶ ᠳᠠᠰᠬᠠᠯ ᠲᠡᠶ ᠊᠊᠊᠊᠊᠊᠊᠊᠊᠊᠊᠊᠊᠊᠊ ᠨᠢᠭᠡ ᠥᠭᠡ ᠶᠢ ᠭᠡᠳᠦᠡᠳᠡ ᠬᠠᠭᠤᠯᠤᠭᠰᠠᠨ ᠤ ᠳᠠᠷᠠᠭ᠎ᠠ ᠳᠠᠭᠢᠭᠠᠤᠨ ᠰᠤᠨᠤᠰᠴᠤ ᠪᠢᠴᠢᠨ᠎ᠡ᠃ ᠪᠢᠴᠢᠭ᠍ᠰᠡᠭᠡᠷ ᠬᠠᠯᠠᠰᠢᠷᠠᠭᠠᠤᠨ ᠨᠢᠭᠡ ᠬᠤᠶᠠᠳᠤᠭᠠᠷ ᠣᠨ ᠳᠤ ᠳᠠᠪᠤᠨ ᠱᠤᠭᠤᠮ ᠳᠡᠭᠡᠷ᠎ᠡ ᠳᠤᠮᠤ ᠭᠦᠮᠤᠨ ᠰᠢᠭ᠌ ᠪᠠᠷᠢᠮᠵᠢᠶ᠎ᠠ ᠭᠤᠶᠤ ᠪᠢᠴᠢᠵᠤ ᠪᠠᠢ᠌ᠭᠰᠠᠨ ᠪᠣᠯ ᠭᠤᠷᠪᠠᠳᠤᠭᠠᠷ ᠣᠨ ᠡᠴᠠ ᠶᠠᠪᠣᠬᠤ ᠳᠤᠳᠤᠮ ᠡᠮᠦᠨᠡᠭᠢ ᠪᠠᠨ ᠬᠤᠯᠠ ᠭᠦᠷᠭᠦ ᠦᠭᠡᠶ ᠪᠣᠯᠴᠢᠬᠠᠳᠠᠭ᠃ ᠬᠤᠶᠠᠷ ᠲᠤ᠂ ᠡᠪ ᠡᠩ ᠤᠨ ᠥᠭᠡ ᠪᠠᠷ ᠬᠤᠯᠪᠣᠭ᠎ᠠ ᠥᠭᠡ ᠪᠦᠳᠦᠭᠡᠵᠤ ᠴᠢᠳᠠᠬᠤ ᠦᠭᠡᠶ᠂ ᠳᠠᠩ ᠥᠭᠡ ᠬᠠᠭᠤᠯᠵᠤ ᠰᠤᠨᠤᠰᠴᠤ ᠪᠢᠴᠢᠭ᠍ᠰᠡᠭᠡᠷ ᠳᠠᠢ᠌ᠨ ᠢᠯᠭᠠᠯ ᠤᠨ ᠳᠠᠭᠠᠪᠣᠷᠢ ᠭᠡᠷᠡᠭᠯᠡᠭᠦ ᠦᠭᠡᠶ᠂ ᠥᠭᠦᠯᠡᠪᠦᠷᠢ ᠵᠤᠬᠢᠶᠠᠵᠤ ᠴᠢᠳᠠᠬᠤ ᠦᠭᠡᠶ᠃ ᠨᠠᠩ ᠢᠯᠡᠭᠦᠤ ᠬᠤᠶᠠᠳᠤᠭᠠᠷ ᠣᠨ ᠡᠴᠠ ᠭᠢᠳᠠᠤᠨ ᠭᠡᠯᠡ ᠨᠠᠮᠠᠵᠤ᠂ ᠭᠤᠷᠪᠠᠳᠤᠭᠠᠷ ᠣᠨ ᠡᠴᠠ ᠡᠡᠩᠭ᠍ᠯᠢ ᠭᠡᠯᠡ ᠨᠠᠮᠠᠨ ᠳᠦᠷᠤᠯᠭᠢ ᠭᠡᠯᠡ ᠪᠠᠷ ᠶᠢᠡᠨ ᠰᠠᠳᠭᠢᠵᠤ ᠴᠢᠳᠠᠬᠤ ᠡᠴᠠ ᠨᠢ ᠡᠮᠤᠨ᠎ᠡ ᠬᠤᠶᠠᠷ ᠭᠠᠳᠠᠭᠠᠳᠤ ᠭᠡᠯᠡ ᠶᠢ ᠨᠡᠮᠡᠭ᠍ᠰᠡᠨ ᠡᠴᠠ ᠭᠡᠯᠡᠨ ᠤ ᠰᠠᠭᠤᠷᠢ ᠦᠭᠡᠶ ᠭᠣᠢ᠌ᠪᠢᠵᠤ᠂ ᠬᠤᠪᠢ ᠶᠢᠨ ᠭᠡᠰᠡᠨ ᠦᠨᠳᠦᠰᠦᠨ ᠤ ᠰᠡᠳᠭᠢᠭᠦᠢ ᠦᠭᠡᠶ ᠳᠡᠯᠴᠢᠯᠡᠵᠤ᠂ ᠬᠡᠦᠬᠡᠳ ᠤᠳ ᠮᠠᠨᠢ ᠥᠭᠡᠭᠦ ᠴᠤ ᠪᠢᠰᠢ ᠪᠣᠯᠴᠢᠷᠬᠠᠢ ᠴᠤ ᠪᠢᠰᠢ ᠪᠣᠯᠵᠤ ᠪᠠᠢ᠌ᠨ᠎ᠠ᠃ ᠡᠴᠦᠰ ᠲᠤ ᠪᠠᠨ ᠭᠢᠴᠢᠶᠠᠯ ᠰᠤᠷᠤᠯᠭ᠎ᠠ ᠡᠴᠠ ᠬᠠᠯᠠᠰᠢᠷᠠᠬᠤ᠂ ᠭᠠᠷ ᠭᠦᠳᠡᠯᠵᠤ ᠪᠢᠴᠢᠭᠦ ᠡᠴᠠ ᠬᠠᠯᠠᠰᠢᠷᠠᠬᠤ᠂ ᠮᠤᠩᠭ᠋ᠤᠯ ᠶᠢᠡᠷ ᠶᠢᠡᠨ ᠨᠤᠮ ᠵᠤᠬᠢᠶᠠᠯ ᠣᠷᠤᠰᠤᠮ᠎ᠠ ᠣᠩᠰᠢᠵᠤ ᠴᠢᠳᠠᠬᠤ ᠦᠭᠡᠶ ᠪᠣᠶᠤ ᠣᠩᠰᠢᠬᠤ ᠳᠤᠷ᠎ᠠ ᠦᠭᠡᠶ᠂ ᠵᠦᠪ ᠪᠢᠴᠢᠵᠤ ᠵᠦᠪ ᠭᠡᠷᠡᠭᠯᠡᠵᠤ ᠴᠢᠳᠠᠬᠤ ᠦᠭᠡᠶ ᠮᠦᠷᠳᠡᠭᠡᠨ ᠨᠠᠢ᠌ᠴᠠᠪᠣᠷᠢᠳᠠᠢ ᠨᠠᠢ᠌ᠷᠠᠭᠤᠯᠵᠤ ᠳᠡᠢ᠌ᠯᠭᠦ ᠦᠭᠡᠶ ᠳᠤᠯᠠ ᠳᠦᠷᠤᠯᠭᠢ ᠭᠡᠯᠡ ᠪᠠᠨ ᠰᠤᠷᠬᠤ ᠣᠷᠮ᠎ᠠ ᠳᠤᠷᠤᠭᠰᠢᠯᠠᠵᠤ ᠪᠠᠢ᠌ᠨ᠎ᠠ᠃

ᠳᠤᠮᠳᠠᠳᠤ ᠰᠤᠷᠭᠠᠭᠤᠯᠢ ᠳᠤ ᠦᠪᠡᠷ ᠢ ᠪᠠᠨ ᠭᠤᠯᠤᠬᠤ ᠦᠵᠡᠯ᠂ ᠵᠠᠯᠬᠠᠭᠤ ᠵᠠᠢ᠌ᠳᠠᠩ ᠵᠠᠩ᠂ ᠪᠦᠭᠦᠨ ᠢ ᠰᠢᠨᠡᠴᠢᠯᠡᠭᠦ ᠦᠵᠡᠯ᠂ ᠳᠦᠷᠤᠯᠭᠢ ᠭᠡᠯᠡ ᠪᠠᠨ ᠭᠦᠩᠭᠡᠪᠴᠢᠯᠡᠭᠦ ᠰᠡᠳᠬᠢᠯᠭᠡ ᠭᠠᠵᠠᠷ ᠠᠪᠴᠤ ᠬᠡᠦᠬᠡᠳ ᠤᠨ ᠰᠡᠳᠭᠢᠭᠦᠢ ᠶᠢ ᠳᠦᠭᠡᠷᠢᠭ᠍ᠳᠡᠭᠦᠯᠵᠤ ᠪᠣᠢ᠃ ᠣᠯᠠᠨ ᠵᠠᠭᠤᠴᠢᠳᠤ ᠭᠢᠴᠢᠶᠡᠯᠯᠡᠭᠡ ᠳᠦᠭᠡᠮᠡᠯᠵᠢᠭ᠍ᠰᠡᠨ ᠡᠴᠠ ᠭᠡᠯᠡ ᠪᠢᠴᠢᠭ᠌ ᠤᠨ ᠣᠩᠰᠢᠵᠤ ᠪᠢᠴᠢᠭᠦ ᠴᠢᠳᠠᠪᠣᠷᠢ ᠶᠢ ᠪᠣᠯᠪᠠᠰᠤᠷᠠᠭᠤᠯᠬᠤ ᠪᠠᠷ ᠭᠤᠤᠯᠯᠠᠪᠠᠯ ᠵᠤᠭᠢᠬᠤ ᠭᠢᠴᠢᠶᠡᠯᠯᠡᠭᠡ ᠶᠢ ᠵᠠᠷᠢᠮ ᠨᠢ ᠥᠵᠡᠭᠦᠯᠵᠤ ᠰᠤᠨᠤᠰᠬᠠᠬᠤ ᠪᠠᠷ ᠭᠤᠤᠯᠳᠠᠵᠤ ᠪᠠᠢ᠌ᠨ᠎ᠠ᠃ ᠵᠢᠱᠢᠶᠠᠯᠠᠪᠠᠯ᠂ 《ᠣᠨᠠᠭᠠᠨ ᠪᠦᠷᠢᠳᠤ》᠂ 《ᠪᠣᠭᠳᠠ ᠠᠭᠤᠯᠠ》 ᠮᠠᠳᠤ ᠦᠵᠡᠮᠵᠢ ᠶᠢ ᠪᠢᠴᠢᠭ᠍ᠰᠡᠨ ᠵᠤᠬᠢᠶᠠᠯ ᠤᠨ ᠥᠩᠭᠡ ᠦᠵᠡᠮᠵᠢ ᠶᠢ ᠰᠤᠷᠤᠭᠴᠢ ᠶᠢᠨ ᠳᠠᠷᠢᠭᠢᠨ ᠳᠤ ᠢᠯᠠᠷᠠᠳᠠᠯ᠎ᠠ ᠣᠩᠰᠢᠭᠤᠯᠪᠠᠯ ᠵᠤᠭᠢᠬᠤ ᠪᠠᠢ᠌ᠳᠠᠯ᠎ᠠ ᠦᠵᠡᠮᠵᠢ ᠶᠢᠨ ᠵᠢᠷᠤᠭ ᠳᠦᠷᠰᠤ ᠥᠵᠡᠭᠦᠯᠭᠦ ᠪᠠᠷ ᠣᠷᠤᠯᠠᠭᠤᠯᠬᠤ 《ᠰᠤᠠᠳᠤᠷ》 《ᠮᠦᠩᠭᠦᠨ ᠤ ᠬᠤᠷᠤᠬᠠᠢ》 ᠮᠠᠳᠤ ᠵᠤᠬᠢᠶᠠᠯ ᠢ ᠳᠤᠭᠤᠷᠠᠳᠠᠯ᠎ᠠ ᠣᠩᠰᠢᠵᠤ ᠣᠢ᠌ᠯᠠᠭᠠᠭᠠᠤᠨ ᠳᠠᠭᠤᠷᠢᠶᠠᠵᠤ ᠪᠢᠴᠢᠭᠦ᠂ ᠳᠦᠷᠦᠭ᠍ᠳᠡᠯ ᠪᠢᠴᠢᠭᠦ᠂ ᠥᠭᠡᠷᠡᠴᠢᠯᠡᠵᠤ ᠪᠢᠴᠢᠭᠦ᠂ ᠣᠳᠤᠭᠢ ᠪᠣᠳᠠᠳᠤ ᠠᠮᠢᠳᠤᠷᠠᠯ ᠡᠴᠠ ᠪᠠᠨ ᠭᠢᠴᠢᠶᠠᠯ ᠳᠤ ᠢᠯᠡᠷᠡᠭ᠍ᠰᠡᠨ ᠵᠤᠬᠢᠶᠠᠯ ᠤᠨ ᠪᠠᠭᠠᠳᠤᠷ ᠤᠳ ᠢ ᠣᠯᠵᠤ ᠪᠢᠴᠢᠭᠦ ᠮᠠᠳᠤ ᠶᠢᠨ ᠵᠤᠬᠢᠶᠠᠨ ᠪᠢᠴᠢᠯᠭᠡ ᠶᠢᠨ ᠪᠣᠯᠪᠠᠰᠤᠷᠠᠯ ᠶᠢᠡᠷ ᠭᠤᠤᠯᠳᠠᠪᠠᠯ ᠵᠤᠭᠢᠬᠤ ᠪᠠᠢ᠌ᠳᠠᠯ᠎ᠠ ᠵᠤᠬᠢᠶᠠᠯ ᠤᠨ ᠣᠢ᠌ᠯᠠ ᠶᠠᠪᠣᠳᠠᠯ ᠢ ᠵᠢᠷᠤᠭ ᠶᠢᠡᠷ ᠳᠡᠯᠭᠡᠨ ᠥᠵᠡᠭᠦᠯᠭᠦ ᠪᠣᠶᠤ ᠰᠢᠭᠤᠳ ᠺᠢᠨᠤ᠋ ᠶᠢ ᠨᠢ ᠥᠵᠡᠭᠦᠯᠭᠦ ᠥᠵᠡᠭ᠍ᠳᠡᠯ ᠣᠷᠤᠰᠢᠵᠤ ᠪᠣᠢ᠃ ᠬᠠᠮᠤᠭ ᠭᠦᠡᠳᠤ ᠨᠤᠴᠢᠳᠠᠢ ᠨᠢ 《ᠣᠯᠤᠰ ᠤᠨ ᠰᠢᠯᠭᠠᠯᠳᠠ ᠭᠢᠳᠠᠤᠨ ᠢ ᠣᠷᠴᠢᠭᠤᠯᠵᠤ ᠪᠠᠢ᠌ᠨ᠎ᠠ》 ᠭᠡᠳᠡᠭ᠌ ᠳᠤᠮᠤ ᠮᠠᠯᠠᠭᠠᠢ ᠪᠠᠷ ᠬᠠᠯᠬᠠᠪᠴᠢ ᠪᠤᠯᠭᠠᠵᠤ᠂ ᠭᠡᠯᠡ ᠪᠢᠴᠢᠭ᠌ ᠤᠨ ᠭᠢᠴᠢᠶᠠᠯ ᠡᠴᠠ ᠪᠣᠰᠤᠳ ᠭᠢᠴᠢᠶᠠᠯ ᠳᠦᠷᠤᠯ ᠨᠢ ᠭᠢᠳᠠᠤᠨ ᠮᠠᠲ᠋ᠸᠷᠢᠶᠠᠯ ᠢ ᠰᠢᠭᠤᠳ ᠪᠠᠭᠤᠯᠭᠠᠵᠤ ᠳᠡᠯᠭᠡᠵᠤ ᠥᠵᠡᠭᠦᠯᠭᠦ᠂ ᠳᠡᠯᠭᠡᠴᠡᠨ ᠳᠡᠭᠡᠷ᠎ᠡ ᠭᠢᠳᠠᠤᠨ ᠰᠠᠳᠤᠪ ᠪᠣᠯᠪᠠᠰᠤᠷᠠᠯ ᠭᠢᠭᠦ᠂ ᠵᠠᠷᠢᠮ ᠰᠤᠷᠭᠠᠭᠤᠯᠢ ᠨᠢ ᠨᠡᠢ᠌ᠭᠡᠮ ᠤᠨ ᠪᠠ ᠪᠠᠢ᠌ᠭᠠᠯᠢ ᠶᠢᠨ ᠰᠢᠡᠵᠢᠯᠡᠭᠡᠨ ᠤ ᠭᠢᠴᠢᠶᠠᠯ ᠭᠡᠵᠤ ᠢᠯᠭᠠᠯ ᠦᠭᠡᠶ ᠦᠨᠳᠦᠰᠦᠨ ᠳᠤ ᠪᠠᠨ ᠪᠦᠷ ᠭᠢᠳᠠᠤᠨ ᠰᠠᠳᠤᠪ ᠮᠠᠲ᠋ᠸᠷᠢᠶᠠᠯ ᠶᠢᠡᠷ ᠪᠣᠯᠪᠠᠰᠤᠷᠠᠭᠤᠯᠵᠤ ᠪᠠᠢ᠌ᠨ᠎ᠠ᠃ ᠢᠩᠭᠢᠭᠡᠳ ᠡᠯ᠎ᠡ ᠭᠢᠴᠢᠶᠠᠯ ᠳᠦᠷᠤᠯ ᠤᠨ ᠪᠠᠭᠰᠢ ᠨᠡᠷ ᠤᠨ ᠬᠤᠯᠢᠮᠠᠭ ᠭᠡᠯᠡ ᠴᠤ ᠶᠠᠪᠣᠬᠤ ᠳᠤᠳᠤᠮ ᠭᠡᠴᠡᠭᠦᠳᠡᠵᠤ᠂ ᠶᠡᠷᠤ ᠶᠢᠨ ᠶᠠᠷᠢᠶᠠᠨ ᠳᠤ ᠮᠤᠩᠭ᠋ᠤᠯ ᠭᠡᠯᠡ ᠪᠠᠨ ᠳᠠᠪᠣᠰᠤ᠂ ᠠᠮᠳᠠ ᠣᠷᠤᠭᠤᠯᠬᠤ ᠡᠳ᠋ ᠶᠢᠡᠷ ᠭᠡᠷᠡᠭᠯᠡᠵᠤ᠂ ᠭᠠᠷᠭᠠᠭᠰᠠᠨ ᠰᠠᠳᠤᠪ ᠪᠣᠯᠪᠠᠰᠤᠷᠠᠯ ᠤᠨ ᠭᠢᠨᠢ ᠥᠭᠡ ᠶᠢ ᠨᠢ ᠰᠤᠷᠤᠭᠴᠢ ᠣᠢ᠌ᠯᠠᠭᠠᠬᠤ ᠳᠤ ᠭᠦᠴᠢᠷᠳᠡᠵᠤ ᠡᠭᠢᠯᠡᠯ᠎ᠡ᠃ ᠵᠢᠱᠢᠶᠠᠯᠠᠪᠠᠯ᠂ ᠨᠢᠭᠡᠨ ᠳᠡᠦᠭᠡᠨ ᠪᠠᠭᠰᠢ ᠶᠢᠨ ᠰᠤᠷᠤᠭᠴᠢ ᠳᠤ ᠦᠭ‍ᠭᠦᠭ᠍ᠰᠡ ᠭᠢᠴᠢᠶᠡᠩᠭᠦᠢ ᠳᠢᠭ᠌ ᠤᠨ ᠭᠠᠷ ᠪᠢᠴᠢᠮᠠᠯ ᠪᠣᠯᠪᠠᠰᠤᠷᠠᠯ ᠳᠤ ᠄ 《᠁ ᠪᠠᠷ ᠬᠠᠪᠰᠤᠷᠠᠮᠵᠢ ᠪᠣᠯᠭᠠᠨ ᠁ ᠪᠠᠷ ᠭᠤᠤᠯᠳᠠᠴᠢ ᠪᠣᠯᠭᠠᠨ᠎ᠠ》 ᠭᠡᠵᠡᠢ᠃ ᠪᠠᠭᠰᠢ ᠶᠢᠨ ᠭᠢᠨᠢ ᠭᠡᠯᠡ ᠰᠡᠳᠭᠢᠭᠦᠢ ᠭᠦᠷᠳᠡᠯ᠎ᠡ ᠪᠣᠯᠵᠠᠴᠢᠬᠠᠵᠠᠢ᠃ ᠡᠭᠦᠨ ᠤ ᠦᠷ᠎ᠡ ᠳ᠋ᠦ᠋ᠩ ᠳᠤ ᠣᠯᠠᠩᠭᠢ ᠰᠤᠷᠤᠭᠴᠢ ᠣᠷᠢᠳᠠᠪᠠᠷ ᠭᠢᠳᠠᠤᠨ ᠶᠢᠡᠷ ᠰᠠᠳᠭᠢᠮᠠᠠᠵᠢᠨ ᠰᠠ‍‌ᠶᠢ ᠳᠠᠭᠢᠨ ᠮᠤᠩᠭ᠋ᠤᠯᠴᠢᠯᠠᠳᠠᠭ ᠪᠣᠯᠤᠯ᠎ᠠ᠃ ᠨᠠᠩ ᠥᠭᠡ ᠶᠢ ᠵᠦᠪ ᠣᠨᠤᠪᠴᠢᠳᠠᠢ ᠭᠡᠷᠡᠭᠯᠡᠭᠦ᠂ ᠥᠭᠦᠯᠡᠪᠦᠷᠢ ᠶᠢ ᠣᠷᠤᠰᠤᠮ᠎ᠠ ᠨᠠᠢ᠌ᠴᠠᠪᠣᠷᠢᠳᠠᠢ ᠨᠠᠢ᠌ᠷᠠᠭᠤᠯᠬᠤ ᠪᠣᠯᠳᠠᠯ᠎ᠠ ᠭᠡᠵᠢᠶ᠎ᠡ ᠪᠢᠯᠠ ︖ ᠡᠨᠡ ᠠᠰᠠᠭᠤᠳᠠᠯ ᠰᠤᠷᠤᠭᠴᠢ ᠶᠢᠨ ᠭᠡᠯᠡ ᠪᠢᠴᠢᠭ᠌ ᠤᠨ ᠭᠢᠴᠢᠶᠠᠯ ᠤᠨ ᠭᠢᠷᠢ ᠭᠡᠮᠵᠢᠶ᠎ᠡ ᠶᠢ ᠨᠥᠯᠦᠭᠡᠯᠡᠵᠤ ᠪᠠᠢ᠌ᠬᠤ ᠪᠠᠷ ᠪᠠᠷᠠᠬᠤ ᠦᠭᠡᠶ ᠭᠡᠯᠡ ᠪᠢᠴᠢᠭ᠌ ᠤᠨ ᠪᠠᠭᠰᠢ ᠨᠡᠷ ᠢ ᠴᠤ ᠶᠠᠭᠠᠭᠢᠬᠤ ᠶᠢᠨ ᠠᠷᠭ᠎ᠠ ᠦᠭᠡᠶ ᠭᠠᠴᠢᠭᠳᠠᠭᠤᠯᠵᠤ ᠪᠣᠢ᠃ ᠪᠠᠰᠠ ᠵᠠᠷᠢᠮ ᠰᠤᠷᠭᠠᠭᠤᠯᠢ ᠨᠢ ᠭᠡᠯᠡ ᠪᠢᠴᠢᠭ᠌ ᠤᠨ ᠭᠢᠴᠢᠶᠠᠯ ᠶᠢᠡᠨ ᠬᠣᠢ᠌ᠰᠢ ᠪᠠᠨ ᠲᠦᠯᠭᠢᠭᠦ ᠪᠣᠶᠤ ᠭᠡᠭᠡᠭ᠍ᠳᠡᠭᠦ ᠪᠣᠯᠤᠯᠴᠠᠭ᠎ᠠ ᠪᠦᠭᠦᠢ ᠴᠠᠭ ᠲᠤ ᠨᠢ ᠳᠤᠭᠢᠷᠠᠭᠤᠯᠵᠤ᠂ ᠳᠤᠷᠰᠢᠯᠳᠠ ᠶᠢᠨ ᠠᠩᠭᠢ ᠳᠤ ᠭᠠᠳᠠᠭᠠᠳᠤ ᠭᠡᠯᠡᠨ ᠤ ᠭᠢᠴᠢᠶᠠᠯ ᠨᠠᠮᠠᠵᠤ ᠭᠡᠯᠡ ᠪᠢᠴᠢᠭ᠌ ᠤᠨ ᠭᠢᠴᠢᠶᠠᠯ ᠢ ᠬᠠᠰᠤᠬᠤ ᠵᠡᠷᠭᠡ ᠪᠠᠷ ᠳᠦᠷᠤᠯᠭᠢ ᠭᠡᠯᠡ ᠪᠠᠨ ᠵᠥᠪᠭᠡᠨ ᠮᠠᠳᠠᠪᠠᠯ ᠪᠣᠯᠴᠢᠬᠠᠬᠤ ᠳᠠᠳᠤᠢ ᠶᠠᠭᠤᠮ᠎ᠠ ᠪᠠᠷ ᠦᠵᠡᠵᠤ ᠪᠠᠢ᠌ᠨ᠎ᠠ᠃ ᠶᠠᠷᠢᠶᠠᠨ ᠦᠭᠡᠶ ᠮᠠᠨ ᠤ ᠭᠢᠴᠢᠶᠠᠯ ᠤᠨ ᠪᠢᠴᠢᠭ᠌ ᠲᠤ ᠪᠠᠰᠠ ᠵᠤᠭᠢᠬᠤ ᠭᠡᠮᠵᠢᠶᠡᠨ ᠤ ᠠᠰᠠᠭᠤᠳᠠᠯ ᠣᠷᠤᠰᠢᠵᠤ ᠪᠠᠢ᠌ᠨ᠎ᠠ᠃ ᠭᠡᠯᠡ ᠪᠢᠴᠢᠭ᠌ ᠤᠨ ᠭᠢᠴᠢᠶᠠᠯ ᠡᠴᠠ ᠪᠣᠰᠤᠳ ᠢ ᠨᠢ ᠠᠭᠤᠯᠭ᠎ᠠ ᠠᠯᠬᠤᠮ ᠨᠢᠭᠡᠳᠭᠡᠭᠦ ᠶᠢᠨ ᠲᠦᠯᠦᠭᠡ ᠭᠢᠳᠠᠤᠨ ᠢ ᠭᠦᠷᠪᠠᠭᠦᠯᠭᠦ ᠶᠠᠪᠣᠴᠠ ᠳᠤ 《ᠣᠢ᠌ᠯᠠᠭᠠᠮᠵᠢ ᠮᠠᠭᠤᠳᠠᠢ᠂ ᠣᠨᠤᠪᠴᠢ ᠪᠠᠷ ᠠᠶᠠᠳᠠᠢ ᠮᠤᠩᠭ᠋ᠤᠯ ᠥᠭᠡ》᠂ ᠬᠠᠷᠢ ᠭᠠᠷᠤᠯᠳᠠᠢ ᠥᠭᠡ ᠣᠯᠠᠰᠢᠷᠠᠭᠠᠤᠨ ᠭᠢᠳᠠᠤᠨ ᠶᠢᠡᠷ ᠨᠢ ᠭᠡᠯᠡᠭᠡᠳ ᠥᠭ᠍ᠴᠢᠭᠡᠪᠠᠯ ᠣᠢ᠌ᠯᠠᠭᠠᠬᠤ ᠳᠤ ᠭᠢᠯᠪᠠᠷ ᠪᠣᠯᠴᠢᠬᠠᠭᠰᠠᠨ ᠶᠤᠮ ᠴᠢᠨᠢ ᠳ᠋ᠠ᠃ ᠭᠡᠳᠡᠯ᠎ᠡ ᠡᠴᠦᠰ ᠤᠨ ᠡᠴᠦᠰ ᠲᠤ ᠪᠠᠨ ᠬᠡᠦᠬᠡᠳ ᠤᠳ ᠮᠠᠨᠢ ᠬᠠᠰᠢᠯᠠ ᠮᠤᠩᠭ᠋ᠤᠯ ᠶᠢᠡᠷ ᠶᠢᠡᠨ ᠰᠢᠯᠭᠠᠭᠤᠯᠤᠨ᠎ᠠ ᠰᠢᠤ ᠳ᠋ᠠ᠃ ᠣᠯᠤᠰ ᠤᠨ ᠰᠢᠯᠭᠠᠯᠳᠠ ᠳᠤ ᠮᠤᠩᠭ᠋ᠤᠯ ᠰᠤᠷᠤᠭᠴᠢ ᠶᠢᠨ ᠶᠡᠷᠦᠩᠭᠡᠢ ᠬᠤᠪᠢ ᠶᠠᠪᠣᠬᠤ ᠳᠤᠳᠤᠮ ᠳᠤᠷᠤᠭᠰᠢᠯᠠᠵᠤ ᠪᠠᠢ᠌ᠭ᠎ᠠ ᠶᠢᠨ ᠰᠢᠯᠳᠠᠭᠠᠨ ᠢ ᠴᠤ ᠡᠳᠡᠭᠡᠷ ᠡᠴᠠ ᠡᠷᠢᠵᠤ ᠪᠣᠯᠤᠨ᠎ᠠ᠃ ᠦᠨᠳᠦᠰᠦᠳᠠᠨ ᠤ ᠰᠤᠷᠭᠠᠨ ᠭᠦᠮᠦᠵᠢᠯ ᠤᠨ ᠥᠭᠡᠷᠡᠴᠢᠯᠡᠯᠳᠡ ᠰᠢᠨᠠᠴᠢᠯᠠᠯᠳᠠ ᠨᠢ ᠣᠯᠠᠮᠵᠢᠯᠠᠯᠳᠤ ᠰᠤᠷᠭᠠᠨ ᠭᠦᠮᠦᠵᠢᠯ ᠤᠨ ᠣᠭᠢ ᠰᠤᠳᠤ ᠶᠢ ᠨᠢ ᠣᠯᠠᠮ ᠰᠢᠯᠢᠳᠡᠭ᠍ᠵᠢᠭᠦᠯᠤᠨ ᠳᠡᠭᠦᠯᠳᠡᠷᠵᠢᠭᠦᠯᠭᠦ ᠶᠢᠨ ᠬᠠᠮᠳᠤ ᠵᠢᠩᠭᠢᠨᠢ ᠭᠡᠯᠡ ᠪᠣᠰᠤᠭ᠎ᠠ᠂ ᠰᠤᠶᠤᠯ ᠪᠣᠰᠤᠭ᠎ᠠ᠂ ᠰᠡᠳᠭᠢᠭᠦᠢ ᠪᠣᠰᠤᠭ᠎ᠠ ᠭᠦᠮᠤᠨ ᠵᠤᠨ ᠶᠢᠡᠨ ᠬᠠᠮᠠᠭᠠᠯᠠᠬᠤ ᠶᠠᠪᠣᠳᠠᠯ ᠢ ᠳᠡᠷᠢᠭᠦᠨ ᠪᠠᠢ᠌ᠷᠢᠨ ᠳᠤ ᠳᠠᠯᠪᠢᠪᠠᠯ ᠵᠤᠭᠢᠨ᠎ᠠ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠤᠳᠠ ᠬᠤᠶᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠠᠽᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 52827
ᠴᠠᠭ᠄ 2014 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ