ᠴᠡᠪᠳᠡᠭ᠌ ᠪᠣᠳᠤᠯ ᠤᠨ ᠳᠤᠨᠤᠳᠠᠰᠤ

ᠨᠤᠭᠤᠭᠠᠨ ᠣᠰᠤᠨ ᠤ ᠵᠢᠭᠠᠰᠤ ᠵᠢᠷᠠᠭᠠᠬᠠᠢ

ᠨᠠᠷ᠎ᠠ ᠪᠠᠨ ᠴᠤ ᠮᠡᠳᠡᠭᠦ ᠥᠭᠡᠢ

      ᠪᠠᠶ᠎ᠠ ᠪᠠᠨ ᠭᠠᠢ᠌ᠬᠠᠭᠤᠯᠤᠨ᠎ᠠ᠂

ᠨᠤᠮᠢᠨ ᠬᠠᠩᠭ᠋ᠠᠢ ᠶᠢᠨ ᠭᠤᠯᠢᠶ᠎ᠠ ᠨᠤᠭᠤᠳ

ᠳᠠᠮᠢᠷ ᠶᠢᠡᠨ ᠠᠯᠳᠠᠳᠠᠯ᠎ᠠ ᠡᠨᠡ ᠯᠠ

      ᠲ᠋ᠠᠯ᠎ᠠ ᠪᠠᠨ ᠳᠠᠭᠤᠯᠠᠨ᠎ᠠ᠂

ᠨᠢᠭᠡ ᠨᠤᠳᠤᠭ ᠲᠠᠭᠠᠨ ᠪᠦᠯᠦᠭ᠌ ᠣᠭᠰᠠᠭ᠎ᠠ ᠢᠯᠭᠠᠵᠤ

ᠰᠦᠷ ᠶᠢᠡᠨ ᠮᠠᠠᠳᠤᠭᠤᠯᠬᠤ ᠭᠡᠳ

      ᠪᠣᠰᠤᠳ ᠡᠴᠡ ᠬᠤᠴᠤᠷᠤᠨ᠎ᠠ᠂

ᠨᠠᠷ᠎ᠠ ᠠᠯᠳᠠᠷᠳᠠᠨ ᠢ ᠭᠦᠡᠳᠦᠳᠭᠡᠭᠦ ᠥᠭᠡᠢ

ᠨᠡᠷᠡᠯᠭᠡᠭ᠌ ᠵᠠᠩ ᠵᠢᠠᠨ

      ᠬᠠᠮᠢᠭ᠎ᠠ ᠴᠤ ᠭᠠᠷᠭᠠᠨ᠎ᠠ᠂

ᠨᠠᠢ᠌ᠷ ᠤᠨ ᠰᠠᠯᠭᠢᠨ ᠳᠤ ᠭᠡᠢ᠌ᠰᠴᠤ

ᠠᠷᠢᠭᠢᠨ ᠯᠤᠩᠬᠤ ᠭᠦᠡᠳᠦᠷᠭᠦ ᠳ᠋ᠡᠭᠡᠨ

      ᠡᠳᠦᠷ ᠳᠤᠷᠰᠢ ᠳᠠᠭᠤᠯᠠᠨ᠎ᠠ᠂

ᠨᠠᠢ᠌ᠷᠠᠭ ᠤᠨ ᠭᠡᠯᠪᠠᠷᠢ ᠭᠦᠭᠡᠭᠡᠯᠴᠡᠭᠡᠳ

ᠭᠡᠯᠡ ᠪᠠᠨ ᠠᠯᠳᠠᠭᠰᠠᠨ ᠳ᠋ᠠᠭᠠᠨ

      ᠭᠡᠮᠰᠢᠯ ᠴᠤ ᠠᠯᠭ᠎ᠠ᠂

ᠮᠢᠨᠤ ᠨᠤᠳᠤᠭ ᠤᠨ ᠱᠠᠩᠰᠢᠨ ᠮᠤᠳᠤ

ᠭᠦᠮᠤᠨ ᠤ ᠨᠤᠳᠤᠭ ᠤᠨ ᠳᠠᠷᠢᠶᠠᠨ ᠳ᠋ᠤ

      ᠣᠷᠤᠴᠢᠬᠠᠭᠠᠤᠨ ᠭᠠᠭᠴᠠᠭᠠᠷᠳᠠᠨ᠎ᠠ᠂

ᠮᠠᠯᠴᠢᠨ ᠭᠦᠮᠤᠨ ᠤ ᠨᠤᠳᠤᠭ ᠤᠨ ᠪᠠᠷ᠎ᠠ

ᠮᠠᠨᠠᠨ ᠤ ᠳᠤᠳᠤᠷ᠎ᠠ ᠪᠦᠷᠳᠣᠢ᠌ᠵᠤ

      ᠡᠯᠡᠢ ᠬᠤᠯᠤᠢ᠂

ᠣᠷᠤᠰᠬᠠᠯ ᠣᠰᠤᠨ ᠭᠦᠪᠠᠭᠡ ᠪᠠᠷ

ᠳᠤᠮᠪᠣ ᠭᠦᠭᠡᠭᠡᠰᠤ ᠰᠠᠪᠣᠩ

      ᠨᠢᠳᠤ ᠭᠠᠰᠢᠯᠠᠨ᠎ᠠ᠂

ᠠᠩ ᠤᠨ ᠠᠷᠠᠰᠤᠨ ᠰᠤᠷ ᠳᠠᠳᠠᠭᠠᠰᠤ

ᠠᠳᠠᠷ ᠤᠨ ᠰᠢᠯᠢ ᠪᠠᠷ ᠳᠤᠵᠢ ᠳᠤᠵᠢ

     ᠰᠡᠳᠭᠢᠯ ᠡᠮᠳᠡᠷᠡᠮ᠎ᠡ᠂

ᠠᠷᠪᠠᠨ ᠵᠢᠯ ᠭᠦᠯᠦᠰᠤ ᠪᠠᠨ ᠣᠷᠤᠰᠬᠠᠭᠰᠠᠨ

ᠠᠷᠠᠤᠨ ᠣᠯᠠᠨ ᠶᠠᠪ ᠶᠠᠳᠠᠭᠤ

     ᠰᠠᠨᠠᠭ᠎ᠠ ᠠᠯᠳᠠᠮ᠎ᠠ᠂

ᠣᠷᠤᠭ ᠳᠤᠭᠳᠠᠭᠰᠠᠨ ᠬᠤᠤᠰ ᠵᠠᠯᠠᠭᠤ ᠴᠤ

ᠡᠳᠦᠷ ᠤᠨ ᠮᠠᠷᠭᠠᠰᠢ ᠥᠭᠡᠳᠡ

     ᠴᠢᠷᠠᠢ ᠠᠯᠠᠭ᠎ᠠ᠂

ᠠᠭᠤᠯᠠᠨ ᠭᠦᠪᠴᠢ ᠶᠢᠨ ᠪᠣᠳᠠ ᠪᠣᠷᠭᠠᠰᠤ

ᠰᠠᠯᠭᠢᠨ ᠳᠤ ᠭᠡᠯᠳᠦᠷᠭᠦ ᠭᠡᠮᠡᠷ

      ᠲ᠋ᠡᠩᠭᠡᠭᠡ ᠠᠯᠠᠭ᠎ᠠ᠂

ᠡᠮᠵᠡᠭ᠌ ᠨᠢ ᠵᠡᠮᠳᠡᠭ᠌ ᠶᠢᠡᠨ ᠳᠤᠷᠤᠮᠵᠢᠯᠠᠭᠠᠤᠨ

ᠡᠪ ᠳᠦᠠᠵᠢ ᠪᠠᠨ ᠠᠯᠳᠠᠳᠠᠭ ᠡᠴᠡ

      ᠵᠢᠳᠭᠦᠭᠦ ᠵᠤᠷᠢᠭ ᠮᠤᠬᠤᠷ᠂

ᠮᠢᠨᠤ ᠰᠠᠢ᠌ᠬᠠᠨ ᠣᠨᠠᠭᠠᠨ ᠨᠠᠢ᠌ᠵᠠ

ᠡᠳᠦᠷ ᠡᠴᠡ ᠡᠳᠦᠷ ᠴᠥᠭᠡᠷᠡᠵᠤ ᠪᠠᠢ᠌ᠨ᠎ᠠ

      ᠭᠦᠭᠡᠷᠦᠭᠦᠢ ᠰᠢᠤ︕

ᠮᠠᠨ ᠤ ᠣᠷᠴᠢᠨ ᠳᠠᠭᠢ ᠪᠣᠯᠪᠠᠰᠤᠨ ᠰᠤᠶᠤᠯ

ᠵᠢᠯ ᠡᠴᠡ ᠵᠢᠯ ᠴᠥᠭᠡᠷᠡᠵᠤ ᠪᠠᠢ᠌ᠨ᠎ᠠ

      ᠶᠠᠭᠠᠭᠢᠳᠠᠭ ᠪᠢᠯᠠ ᠳᠡᠯᠡᠭᠡᠢ ᠮᠢᠨᠢ︖


ᠵᠤᠬᠢᠶᠠᠭᠴᠢ ᠶᠢᠨ ᠬᠠ‍‌ᠶᠢᠭ ᠄ ᠭᠦᠯᠤᠨ ᠪᠠᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ

ᠵᠤᠬᠢᠶᠠᠭᠴᠢ᠄ ᠢ᠊·ᠭᠡᠰᠢᠭ᠍ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1663
ᠴᠠᠭ᠄ 2010 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ