ᠠᠮᠢᠳᠠᠨ ᠤ ᠡᠵᠢ ᠡ ᠭᠡᠵᠤ ᠁

ᠭᠦᠳᠡᠭᠡ ᠭᠡᠭᠡᠷ᠎ᠡ ᠨᠠᠷᠠ ᠰᠠᠯᠭᠢᠨ ᠳᠤ ᠭᠠᠷᠪᠠᠯ ᠰᠡᠳᠭᠢᠯ ᠣᠩᠭ᠋ᠣᠢ᠌ᠭᠠᠤᠨ ᠶᠡᠭᠡ ᠳᠠᠭᠠᠳᠠᠢ ᠯᠠ ᠳ᠋ᠠ᠃ ᠬᠠᠷ᠎ᠠ ᠪᠠᠭ᠎ᠠ ᠡᠴᠠ ᠪᠠᠨ ᠮᠠᠯ ᠤᠨ ᠵᠠᠬ᠎ᠠ ᠳᠡᠭᠡᠷ᠎ᠡ ᠥᠰᠦᠭ᠍ᠰᠡᠨ ᠪᠣᠯᠤᠭᠠᠤᠨ ᠳᠠᠷᠠ ᠪᠢᠵᠠ᠃ ᠵᠤᠨ ᠪᠣᠯᠬᠤ ᠪᠠᠷ ᠰᠠᠭᠠᠯᠢ ᠰᠦ᠋ ᠪᠠᠨ ᠶᠡᠭᠡ ᠰᠠᠨᠠᠨ᠎ᠠ᠃ ᠬᠤᠳᠠᠯᠳᠤᠭ᠎ᠠ ᠦᠷᠤᠮ᠎ᠠ ᠠᠭᠠᠷᠤᠤᠯ ᠠᠪᠣᠭᠠᠤᠨ ᠢᠳᠡᠭᠦ ᠳᠤ ᠣᠪᠰᠠᠢ᠌ᠭᠠᠤᠨ ᠱᠠᠯ ᠠᠮᠳᠠ ᠦᠭᠡᠶ᠂ ᠬᠠᠷᠢᠨ ᠭᠦᠳᠡᠭᠡ ᠶᠢᠨ ᠳᠤᠰᠤ ᠳᠠᠭᠠᠭᠠᠪᠣᠷᠢᠯᠠᠭᠰᠠᠨ ᠵᠤᠵᠠᠭᠠᠨ ᠦᠷᠤᠮ᠎ᠠ ᠶᠢᠨ ᠳᠠᠯ᠎ᠠ ᠴᠤᠬᠤ ᠶᠢ ᠡᠮᠳᠡᠯᠡᠭᠡᠳ ᠠᠮᠠᠨ ᠳᠤ ᠪᠠᠨ ᠭᠢᠭᠦ ᠳᠤ ᠯᠠ ᠠᠷᠠᠭᠠᠨ ᠳᠤ ᠰᠥ᠋᠂ ᠳᠤᠰᠤ ᠠᠮᠳᠠᠭᠳᠠᠭᠠᠤᠨ ᠱᠠᠩᠳᠠᠭᠤᠨ ᠰᠠᠢ᠌ᠬᠠᠨ ᠢ ᠶᠠᠭᠠᠭᠢᠨ᠎ᠠ᠃ ᠠᠢ᠌ᠷᠠᠭ ᠰᠥ᠋ ᠪᠠᠢ᠌ᠳᠠᠭ ᠯᠠ ᠶᠤᠮ ᠪᠣᠯ ᠵᠤᠨ ᠳᠤ ᠪᠠᠨ ᠨᠠᠳᠠ ᠨᠤᠭᠤᠭ᠎ᠠ ᠴᠠᠭ᠎ᠠ ᠣᠭᠳᠤ ᠭᠡᠷᠡᠭ᠌ ᠦᠭᠡᠶ᠃ ᠡᠢ᠌ᠡᠭᠦ ᠪᠢ ᠵᠤᠨ ᠳᠤ ᠪᠠᠨ ᠴᠢᠯᠦᠭᠡ ᠯᠠ ᠭᠠᠷᠪᠠᠯ ᠠᠬ᠎ᠠ ᠳᠡᠭᠦᠤ ᠶᠢᠨ ᠭᠢ ᠪᠠᠷ ᠶᠢᠡᠨ ᠳᠤᠭᠤᠷᠢᠵᠤ ᠮᠠᠯ ᠬᠤᠢ ᠰᠠᠭᠠᠵᠤ ᠰᠢᠪᠳᠤᠷᠠᠨ ᠪᠠᠶ᠎ᠠ ᠶᠢᠨ ᠭᠦᠳᠡᠯᠭᠡᠭᠡᠨ ᠭᠢᠴᠢᠭᠡᠭᠦ ᠪᠠᠷ ᠪᠠᠷᠠᠬᠤ ᠦᠭᠡᠶ ᠰᠠᠭᠠᠯᠢ ᠰᠥ᠋ ᠣᠤᠭᠤᠵᠤ ᠭᠡᠳᠡᠰᠤ ᠪᠠᠨ ᠴᠠᠢ᠌ᠯᠭᠠᠨ᠎ᠠ᠃

ᠲ᠋ᠤᠯᠤᠭᠠᠨ ᠰᠠᠷ᠎ᠠ ᠶᠢᠨ ᠳᠤᠮᠳᠠᠴᠢ ᠪᠠᠷ ᠪᠢ ᠳᠡᠭᠦᠤ ᠶᠢᠨ ᠳᠤ ᠪᠠᠨ ᠣᠴᠢᠪᠠ᠃ ᠬᠠᠪᠣᠷ ᠡᠷᠳᠡ ᠶᠢᠨ ᠪᠣᠷᠤᠭᠠᠨ ᠶᠢᠡᠷ ᠨᠤᠭᠤᠭ᠎ᠠ ᠰᠡᠷᠭᠦᠵᠤ ᠮᠠᠯ ᠠᠮᠠᠷᠬᠠᠨ ᠨᠤᠤᠰᠤᠨ ᠡᠴᠠ ᠪᠠᠨ ᠰᠠᠯᠤᠯ᠎ᠠ ᠭᠡᠵᠤ ᠳᠡᠭᠦᠤ ᠮᠢᠨᠢ ᠪᠠᠶᠠᠷᠳᠠᠢ ᠪᠠᠢ᠌ᠨ᠎ᠠ᠃ ᠳᠡᠭᠦᠤ ᠶᠢᠨ ᠪᠠᠢ᠌ᠰᠢᠩ ᠤᠨ ᠰᠠᠷᠠᠪᠴᠢᠨ ᠳᠤ ᠬᠠᠷᠢᠶᠠᠴᠠᠢ ᠡᠭᠦᠷᠯᠡᠨ ᠵᠢᠷᠭᠤᠭᠠᠨ ᠭᠦᠭᠡᠷᠦᠭᠦᠨ ᠳᠡᠭ᠍ᠳᠡᠭᠡᠭᠡᠢ ᠨᠢ ᠡᠭᠦᠷ ᠲᠤ ᠪᠠᠨ ᠵᠢᠷᠠᠢ᠌ᠳᠠᠯ᠎ᠠ ᠰᠠᠭᠤᠭᠠᠤᠨ ᠠᠪᠣ ᠡᠵᠢ ᠶᠢᠨ ᠶᠢᠡᠨ ᠢᠳᠠᠰᠢ ᠠᠪᠴᠢᠷᠠᠬᠤ ᠶᠢ ᠭᠦᠯᠢᠶᠡᠨ᠎ᠡ᠃ ᠡᠭᠡ ᠡᠴᠢᠭᠡ ᠬᠠᠷᠢᠶᠠᠴᠠᠢ ᠨᠢ ᠳᠡᠭᠡᠭ᠍ᠰᠢ ᠭᠦᠭᠡᠷᠤᠨ ᠳᠤᠭᠤᠭᠰᠢ ᠬᠠᠯᠢᠵᠤ ᠬᠦᠩᠭᠡᠨ ᠭᠠᠪᠰᠢᠭᠠᠢ ᠭᠦᠳᠡᠯᠦᠯ ᠶᠢᠡᠷ ᠡᠷᠪᠠᠭᠡᠢ᠂ ᠳᠦᠷᠪᠠᠨ ᠵᠢᠭᠦᠷ ᠁ ᠵᠡᠷᠭᠡ ᠶᠢ ᠪᠠᠷᠢᠨ ᠳᠡᠭ᠍ᠳᠡᠭᠡᠭᠡᠢ ᠨᠤᠭᠦᠳ ᠤᠨ ᠶᠢᠡᠨ ᠠᠮᠠᠨ ᠳᠤ ᠭᠢᠨ᠎ᠡ᠃ ᠳᠠᠳᠠ ᠬᠤᠶᠠᠷ ᠳᠡᠭ᠍ᠳᠡᠭᠡᠭᠡᠢ ᠨᠤᠭᠦᠳ ᠲᠤ ᠪᠠᠨ ᠳᠤᠭ᠎ᠠ ᠳ᠋ᠤᠭᠠᠷ ᠬᠠᠳᠠᠭᠰᠠᠨ ᠶᠤᠮ ᠰᠢᠭ ᠨᠢᠭᠡ ᠶᠢ ᠨᠢ ᠴᠤ ᠣᠷᠭᠢᠭᠳᠠᠭᠤᠯᠤᠯ ᠦᠭᠡᠶ ᠳᠠᠰ ᠳᠠᠷᠠᠭ᠎ᠠ ᠲᠡᠶ ᠳᠡᠵᠢᠭᠡᠭᠦ ᠨᠢ ᠭᠠᠢ᠌ᠬᠠᠮᠠᠷ᠃

ᠪᠢ ᠶᠠᠷᠤ ᠨᠢ ᠪᠠᠭᠠᠰᠤᠨ ᠪᠠᠮᠪᠣᠤ᠂ ᠭᠦᠷᠪᠠᠯ᠂ ᠭᠤᠯᠢᠶ᠎ᠠ ᠁ ᠵᠡᠷᠭᠡ ᠵᠢᠵᠢᠭ᠌ ᠠᠮᠢᠳᠠᠨ ᠢ ᠠᠵᠢᠭᠯᠠᠬᠤ ᠳᠤᠩ ᠳᠤᠷᠠᠳᠠᠢ᠃ ᠣᠬᠠᠭᠠᠨ ᠳᠤ ᠨᠢ ᠶᠠᠭᠠᠭᠢᠵᠤ ᠪᠠᠭᠳᠠᠪᠠ ᠭᠡᠮᠡᠷ ᠣᠷ᠎ᠠ ᠠᠪᠢᠶᠠᠰ᠂ ᠠᠮᠢᠳᠤᠷᠠᠬᠤᠢ ᠶᠢᠨ ᠠᠷᠭ᠎ᠠ ᠣᠬᠠᠭᠠᠨ ᠪᠠᠢ᠌ᠳᠠᠭ ᠲᠤ ᠨᠢ ᠱᠤᠬᠤᠷᠬᠠᠵᠤ ᠡᠳᠡᠭᠡᠷ ᠵᠢᠵᠢᠭ᠌ ᠠᠮᠢᠳᠠᠤᠨ ᠢ ᠵᠢᠵᠢᠭ᠌ ᠭᠡᠯᠭᠦᠢ ᠠᠵᠢᠭᠯᠠᠬᠤ ᠳᠠᠳᠬᠠᠯ ᠲᠡᠶ ᠪᠣᠯᠤᠭᠰᠠᠨ ᠳ᠋ᠠ᠃ ᠪᠠᠭᠠᠰᠤᠨ ᠪᠠᠮᠪᠣᠤ ᠠᠳᠤᠭᠤᠨ ᠤ ᠬᠤᠮᠤᠯ ᠳᠤ ᠦᠷ᠎ᠡ ᠵᠤᠯᠵᠠᠭ᠎ᠠ ᠪᠠᠨ ᠪᠣᠢ᠌ᠵᠢᠭᠤᠯᠤᠨ᠎ᠠ᠂ ᠮᠥᠯᠭᠦᠭᠡ ᠭᠦᠷᠪᠠᠯ ᠨᠢᠰᠳᠡᠭ᠌ ᠪᠠᠳᠠᠭᠠᠨ᠎ᠠ ᠪᠠᠷ ᠬᠤᠭᠤᠯᠠᠯᠠᠨ᠎ᠠ᠂ ᠮᠤᠭᠠᠢ ᠶᠢᠨ ᠭᠦᠷᠪᠠᠯ ᠰᠥ᠋ ᠳᠤᠯᠢᠶᠠᠪᠠᠯ ᠶᠠᠪᠣᠴᠢᠬᠠᠨ᠎ᠠ᠂ ᠳᠠᠯᠠᠨ ᠭᠡᠯᠡ ᠬᠤᠨᠢᠨ ᠭᠦᠷᠪᠠᠯ ᠶᠢᠡᠷ ᠳᠡᠭ᠍ᠷᠢ ᠳᠠᠭᠢᠨ᠎ᠠ᠂ ᠵᠠᠷᠠᠭ᠎ᠠ ᠭᠦᠭᠡᠷᠦᠭᠦᠯᠦᠭ᠍ᠰᠡᠨ ᠰᠦᠨ ᠳᠤ ᠳᠤᠷᠠᠯᠠᠵᠤ ᠳᠤᠭᠤᠭ᠎ᠠ ᠲᠡᠶ ᠰᠦᠨ ᠳᠤ ᠣᠨᠠᠨ᠎ᠠ᠂ ᠡᠯᠡᠰᠤᠨ ᠤ ᠬᠠᠷ᠎ᠠ ᠬᠤᠷᠤᠬᠠᠢ ᠰᠢᠷᠤᠢ ᠡᠭᠦᠷᠦᠭᠡᠳ ᠭᠦᠶ‍ᠦᠵᠤ ᠪᠠᠢ᠌ᠪᠠᠯ ᠣᠯᠠᠭᠠᠨ ᠰᠢᠭᠤᠷᠭ᠎ᠠ ᠳᠡᠭ᠍ᠳᠡᠨ᠎ᠡ ᠁ ᠭᠡᠭᠦ ᠵᠢᠱᠢᠶ᠎ᠠ ᠲᠡᠶ᠃

ᠨᠢᠭᠡ ᠦᠷᠯᠦᠭᠡ ᠪᠠᠢ᠌ᠰᠢᠩ ᠤᠨ ᠰᠠᠷᠠᠪᠴᠢᠨ ᠳᠤ ᠡᠭᠦᠷᠯᠡᠭ᠍ᠰᠡᠨ ᠬᠠᠷᠢᠶᠠᠴᠠᠢ ᠶᠢᠨ ᠳᠡᠭ᠍ᠳᠡᠭᠡᠭᠡᠢ ᠨᠤᠭᠦᠳ ᠭᠠᠵᠠᠷ ᠪᠠᠭᠤᠭᠠᠤᠨ ᠢᠷᠡᠴᠢᠭᠡᠭ᠍ᠰᠡᠨ ᠣᠨᠠᠵᠤ ᠳᠤᠰᠤᠨ ᠵᠢᠭᠦᠷ ᠶᠢᠡᠨ ᠳᠡᠯᠪᠠᠭᠡᠨᠡᠭᠦᠯᠤᠨ ᠭᠦᠰᠢᠭᠦᠨ ᠪᠢᠳᠠᠭᠤᠯᠢᠭ ᠶᠠᠪᠣᠵᠠᠭᠠᠵᠤ ᠪᠠᠢ᠌ᠨ᠎ᠠ᠃ ᠬᠠᠷᠢᠶᠠᠴᠠᠢ ᠰᠠᠷᠠᠪᠴᠢᠨ ᠳᠤ ᠡᠭᠦᠷᠯᠡᠭ᠍ᠰᠡᠨ ᠯᠠ ᠪᠠᠢ᠌ᠬᠤ ᠬᠠᠷᠠᠭᠳᠠᠳᠠᠭ᠃ ᠴᠤᠬᠤᠮ ᠶᠠᠭᠠᠭᠢᠵᠤ ᠳᠡᠭ᠍ᠳᠡᠭᠡᠭᠡᠢ ᠪᠠᠨ ᠭᠦᠯᠵᠢᠭᠦᠯᠳᠡᠭ᠌ ᠢ ᠨᠢ ᠬᠠᠷᠢᠨ ᠠᠵᠢᠭᠯᠠᠭ᠎ᠠ ᠦᠭᠡᠶ ᠶᠤᠮ ᠪᠠᠢ᠌ᠨ᠎ᠠ᠃ ᠡᠭᠦᠷ ᠥᠡᠳᠡᠭᠡ ᠳᠤ ᠨᠢ ᠰᠡᠭᠦᠳᠡᠷ ᠳᠤᠰᠪᠠᠯ ᠰᠢᠪᠠᠭᠤ ᠦᠷ᠎ᠡ ᠪᠠᠨ ᠭᠤᠯᠤᠴᠢᠬᠠᠳᠠᠭ ᠭᠡᠵᠤ ᠶᠡᠭᠡᠴᠦᠦᠯ ᠣᠬᠠᠭ᠎ᠠ ᠣᠷᠤᠬᠤ ᠶᠢᠨ ᠴᠠᠭ ᠡᠴᠠ ᠭᠡᠯᠡᠵᠤ ᠵᠠᠭᠢᠵᠤ ᠪᠠᠢ᠌ᠭᠰᠠᠨ ᠪᠣᠯᠬᠤᠷ ᠡᠭᠡ ᠳᠤ ᠨᠢ ᠭᠤᠯᠤᠭᠤᠯᠵᠤ ᠦᠷ᠎ᠡ ᠶᠢ ᠨᠢ ᠥᠨᠦᠴᠢᠷᠡᠭᠦᠯᠦᠶ᠎ᠡ ᠭᠡᠵᠤ ᠪᠣᠳᠤᠬᠤ ᠭᠦᠮᠤᠨ ᠭᠡᠨ ᠪᠠᠢ᠌ᠬᠤ ᠪᠣᠢ︕ ᠪᠢ ᠨᠠᠷᠠ ᠣᠷᠤᠭᠤ ᠳᠠᠯ᠎ᠠ ᠡᠴᠠ ᠨᠢ ᠤᠢ᠌ᠷᠠᠳᠪᠠ᠃ ᠪᠠᠷᠢᠭᠠᠤᠨ ᠠᠪᠣᠭᠰᠠᠨ ᠴᠤ ᠪᠣᠰᠤᠮᠠᠷ ᠦᠭᠡᠶ ᠪᠠᠢ᠌ᠨ᠎ᠠ᠃ ᠬᠠᠷᠢᠨ ᠡᠭᠡ ᠡᠴᠢᠭᠡ ᠨᠢ ᠰᠠᠠᠳᠤᠷᠴᠤ ᠳᠡᠪᠠᠳᠡᠭ᠍ᠰᠡᠨ ᠪᠠᠢ᠌ᠳᠠᠯ ᠲᠡᠶ ᠵᠢᠷᠵᠢᠭᠢᠨᠠᠨ ᠵᠢᠷᠭᠢᠵᠤ ᠵᠢᠭᠦᠷ ᠶᠢᠡᠨ ᠳᠦᠷᠭᠡᠨ ᠳᠦᠷᠭᠡᠨ ᠳᠡᠪᠢᠭᠦ ᠳᠤ᠂ ᠳᠡᠭ᠍ᠳᠡᠭᠡᠭᠡᠢ ᠨᠢ ᠵᠢᠭᠦᠷ ᠶᠢᠡᠨ ᠳᠡᠯᠭᠡᠵᠤ ᠬᠤᠮᠢᠨ ᠪᠠᠯᠠᠳᠴᠤ᠂ ᠪᠠᠯᠠᠳᠴᠤ ᠠᠷᠠᠢ ᠶᠠᠳᠠᠨ ᠡᠪ ᠢ ᠨᠢ ᠣᠯᠤᠭᠠᠤᠨ ᠨᠢᠰᠤᠯ᠎ᠠ᠃ ᠨᠢᠭᠡ ᠨᠢᠰᠪᠠᠯ ᠬᠠᠷᠢᠨ ᠰᠠᠨᠠᠭᠰᠠᠨ ᠡᠴᠠ ᠭᠡᠳᠤ ᠨᠠᠯᠢᠶᠠᠤᠨ ᠬᠤᠯᠠ ᠨᠢᠰᠴᠢᠭᠡᠨ᠎ᠡ᠃ ᠲᠡᠩᠴᠡᠬᠦᠷᠢ ᠪᠠᠨ ᠣᠯᠬᠤ ᠭᠡᠵᠤ ᠯᠠ ᠵᠢᠭᠦᠷ ᠶᠢᠡᠨ ᠪᠠᠢ᠌ᠨ ᠰᠠᠭᠤᠨ ᠳᠠᠪᠢᠵᠤ ᠶᠡᠭᠡ ᠪᠡᠯᠡᠳᠭᠡᠳᠡᠭ᠌ ᠪᠣᠯᠤᠯᠳᠠᠢ ᠶᠤᠮ᠃

ᠨᠠᠷᠠ ᠬᠠᠷᠢᠭᠤ ᠦᠭᠡᠶ ᠰᠢᠩᠭᠡᠭᠦ ᠭᠡᠵᠤ ᠪᠠᠢ᠌ᠯ᠎ᠠ᠃ ᠮᠠᠯ ᠭᠡᠷ ᠤᠨ ᠤᠢ᠌ᠷᠠᠬᠠᠨ ᠡᠪᠢᠵᠤ ᠬᠤᠳᠠᠨ ᠳᠤ ᠪᠠᠨ ᠤᠢ᠌ᠷᠠᠳᠤᠨ᠎ᠠ᠃ ᠪᠢ ᠳᠡᠭᠦᠤ ᠪᠠᠷᠢ ᠲᠡᠶ ᠪᠠᠨ ᠬᠤᠶᠠᠭᠤᠯᠠ ᠭᠠᠳᠠᠨ᠎ᠠ ᠢᠰᠡᠭᠡᠢ ᠳᠠᠪᠢᠰᠴᠤ ᠰᠦ᠋ ᠲᠡᠶ ᠴᠠᠢ ᠣᠭᠤᠴᠢᠯᠠᠨ ᠬᠤᠯᠠ ᠤᠢ᠌ᠷ᠎ᠡ ᠶᠢᠨ ᠰᠤᠨᠢᠨ ᠢ ᠳᠡᠯᠭᠡᠵᠤ ᠰᠠᠭᠤᠳᠠᠯ᠎ᠠ ᠨᠢᠭᠡ ᠬᠠᠷᠢᠶᠠᠴᠠᠢ ᠮᠢᠨᠤ ᠳᠡᠷᠭᠡᠳᠡᠭᠦᠷ ᠱᠦᠷᠭᠦᠭᠡᠭᠦ ᠠᠯᠳᠠᠮ᠎ᠠ ᠤᠢ᠌ᠷᠠᠬᠠᠨ ᠥᠩᠭᠡᠷᠡᠯ᠎ᠡ᠃ ᠦᠨᠦ ᠭᠡᠳᠤᠨ ᠳᠡᠭ᠍ᠳᠡᠭᠡᠭᠡᠢ ᠡᠭᠦᠷ ᠲᠤ ᠪᠠᠨ ᠬᠠᠷᠢᠭᠰᠠᠨ ᠪᠣᠯᠪᠠᠤ ᠭᠡᠵᠤ ᠪᠣᠳᠤᠨ ᠡᠭᠦᠷ ᠣᠷᠤᠭᠤ ᠨᠢ ᠬᠠᠷᠠᠪᠠᠯ ᠳᠠᠪᠣ ᠨᠢ ᠨᠢᠭᠡᠨᠲᠡ ᠬᠠᠷᠢᠴᠢᠬᠠᠭᠰᠠᠨ ᠪᠠᠢ᠌ᠯ᠎ᠠ᠃ 《ᠡᠳᠡᠭᠡᠷ ᠳᠡᠭ᠍ᠳᠡᠭᠡᠭᠡᠢ ᠨᠤᠭᠦᠳ ᠶᠠᠭᠠᠭᠢᠵᠤ ᠡᠭᠦᠷ ᠲᠤ ᠪᠠᠨ ᠬᠠᠷᠢᠭᠰᠠᠨ ᠶᠤᠮ ᠪᠣᠯ︖》 ᠭᠡᠰᠡᠨ ᠳᠤ᠂ ᠳᠡᠭᠦᠤ ᠪᠠᠷᠢ᠄ 《ᠮᠤᠤᠷ ᠨᠤᠬᠠᠢ ᠴᠤ ᠵᠤᠯᠵᠠᠭ᠎ᠠ ᠶᠢᠨ ᠶᠢᠡᠨ ᠰᠢᠯᠢᠨ ᠭᠦᠵᠦᠭᠦᠤ ᠡᠴᠠ ᠨᠢ ᠵᠠᠭᠤᠭᠠᠤᠨ ᠵᠥᠭᠡᠭᠡᠵᠤ ᠪᠠᠢ᠌ᠬᠤ ᠬᠠᠷᠠᠭᠳᠠᠳᠠᠭ᠃ ᠬᠠᠷᠢᠶᠠᠴᠠᠢ ᠬᠠᠷᠢᠨ ᠶᠠᠭᠠᠭᠢᠵᠤ ᠳᠡᠭ᠍ᠳᠡᠭᠡᠭᠡᠢ ᠪᠠᠨ ᠵᠥᠭᠡᠭᠡᠳᠡᠭ᠌ ᠶᠤᠮ ᠪᠣᠯ︖》 ᠭᠡᠯ᠎ᠡ᠃ ᠡᠢ᠌ᠡᠭᠦ ᠪᠢᠳᠠ ᠬᠤᠶᠠᠷ ᠤᠨ ᠰᠠᠨᠠᠭ᠎ᠠ ᠨᠠᠢ᠌ᠯᠠᠵᠤ ᠬᠠᠷᠢᠶᠠᠴᠠᠢ ᠶᠢ ᠠᠵᠢᠭᠯᠠᠯ᠎ᠠ᠃ ᠡᠭᠡ ᠡᠴᠢᠭᠡ ᠬᠠᠷᠢᠶᠠᠴᠠᠢ ᠨᠢ ᠪᠠᠰᠠ ᠯᠠ ᠨᠠᠰᠢ ᠴᠠᠰᠢ ᠰᠦᠯᠵᠢᠨ ᠨᠢᠰᠴᠤ ᠳᠡᠭ᠍ᠳᠡᠭᠡᠭᠡᠢ ᠨᠤᠭᠦᠳ ᠶᠢᠡᠨ ᠬᠤᠭᠤᠯᠠᠯᠠᠨ᠎ᠠ᠃ ᠬᠠᠷᠢᠶᠠᠴᠠᠢ ᠡᠷᠪᠠᠭᠡᠢ ᠵᠡᠷᠭᠡ ᠠᠮᠢᠳᠠᠤᠨ ᠢ ᠶᠡᠭᠡ ᠱᠠᠯᠠᠮᠠᠭ ᠪᠠᠷᠢᠨ᠎ᠠ᠃ ᠡᠪᠠᠰᠤ ᠣᠷᠭᠤᠮᠠᠯ ᠤᠨ ᠳᠡᠭᠡᠭᠦᠷ ᠬᠠᠯᠢᠭᠠᠤᠨ ᠯᠠ ᠥᠩᠭᠡᠷᠡᠭᠦ ᠰᠢᠭ᠌ ᠪᠣᠯᠤᠮᠠᠭᠴᠠ ᠭᠡᠵᠢᠶᠡᠨᠡᠢ ᠦᠭᠡᠶ ᠪᠠᠷᠢᠴᠢᠬᠠᠭᠰᠠᠨ ᠳᠡᠭ᠍ᠳᠡᠭᠡᠭᠡᠢ ᠶᠢᠨ ᠶᠢᠡᠨ ᠠᠮᠠᠨ ᠳᠤ ᠭᠢᠵᠤ ᠪᠠᠢ᠌ᠬᠤ ᠬᠠᠷᠠᠭᠳᠠᠨ᠎ᠠ᠃ ᠬᠠᠷᠢᠶᠠᠴᠠᠢ ᠶᠢᠨ ᠬᠦᠩᠭᠡᠨ ᠱᠠᠯᠠᠮᠠᠭ ᠭᠦᠳᠡᠯᠦᠯ ᠢ ᠮᠢᠨᠤ ᠨᠢᠳᠤ ᠡᠰᠡ ᠭᠦᠢᠴᠡᠨ᠎ᠡ᠃

ᠡᠭᠦᠷ ᠲᠤ ᠪᠠᠨ ᠬᠠᠷᠢᠭ᠎ᠠ ᠦᠭᠡᠶ ᠨᠢᠭᠡ ᠳᠡᠭ᠍ᠳᠡᠭᠡᠭᠡᠢ ᠨᠢ ᠭᠡᠷ ᠤᠨ ᠡᠭᠦᠳᠡᠨ ᠳᠤ ᠵᠤᠭᠰᠤᠭᠠᠭᠰᠠᠨ ᠮᠤᠲ᠋ᠤᠷ ᠤᠨ ᠦᠷᠦᠭᠡᠰᠤᠨ ᠪᠠᠷᠢᠭᠤᠯ ᠤᠨ ᠴᠦᠩᠴᠦᠭᠡᠷ ᠢᠷᠮᠡᠭ᠌ ᠳᠡᠭᠡᠷ᠎ᠡ ᠰᠠᠭᠤᠵᠠᠢ᠃ ᠡᠭᠡ ᠡᠴᠢᠭᠡ ᠬᠤᠶᠠᠷ ᠨᠢ ᠳᠡᠭ᠍ᠳᠡᠭᠡᠭᠡᠢ ᠨᠤᠭᠦᠳ ᠲᠤ ᠪᠠᠨ ᠢᠳᠠᠰᠢ ᠠᠪᠠᠴᠢᠵᠤ ᠦᠭ‍ᠭᠦ ᠪᠣᠯᠭᠠᠨ ᠳᠡᠭᠦᠨ ᠤ ᠳᠡᠷᠭᠡᠳᠡᠭᠦᠷ ᠵᠢᠷᠵᠢᠭᠢᠨᠠᠨ ᠡᠷᠭᠢᠯᠳᠤᠨ᠎ᠡ᠃ ᠦᠨᠦ ᠳᠡᠭ᠍ᠳᠡᠭᠡᠭᠡᠢ ᠵᠠᠷᠢᠮ ᠳᠤ ᠪᠠᠨ ᠡᠰᠡ ᠮᠡᠳᠡᠭ᠍ᠰᠡᠨ ᠴᠢᠷᠠᠢ᠌ᠯᠠᠵᠤ ᠰᠠᠭᠤᠨ᠎ᠠ᠃ ᠬᠠᠷᠢᠨ ᠵᠠᠷᠢᠮ ᠳᠤ ᠪᠠᠨ ᠵᠢᠭᠦᠷ ᠶᠢᠡᠨ ᠳᠠᠪᠢᠨ ᠳᠤᠩᠭ᠋ᠤᠯᠵᠠᠨ᠎ᠠ᠃ ᠡᠪ ᠶᠢᠡᠨ ᠣᠯᠵᠤ ᠨᠢᠰᠴᠤ ᠳᠡᠢ᠌ᠯᠭᠦ ᠦᠭᠡᠶ ᠪᠠᠢ᠌ᠬᠤ ᠮᠠᠶ‍ᠢᠭᠳᠠᠢ᠃ ᠶᠠᠭᠤᠨ ᠴᠤ ᠡᠪ ᠦᠭᠡᠶ ᠭᠠᠵᠠᠷ ᠰᠠᠭᠤᠭᠰᠠᠨ ᠶᠤᠮ ᠭᠡᠵᠤ ᠪᠣᠳᠤᠨ ᠬᠠᠷᠠᠵᠤ ᠰᠠᠭᠤᠨ᠎ᠠ ᠪᠢ᠃ ᠳᠡᠭᠡᠵᠤ ᠪᠠᠢ᠌ᠭᠰᠠᠨ ᠶᠢᠡᠨ ᠡᠭᠡ ᠡᠴᠢᠭᠡ ᠬᠤᠶᠠᠷ ᠨᠢ ᠬᠤᠶᠠᠷ ᠳᠠᠯ᠎ᠠ ᠪᠠᠷ ᠨᠢ ᠵᠡᠷᠭᠡ ᠪᠠᠷ ᠵᠢᠷᠵᠢᠭᠢᠨᠠᠨ ᠵᠢᠷᠭᠢᠭ᠍ᠰᠡᠨ ᠳᠤ ᠦᠨᠦ ᠳᠡᠭ᠍ᠳᠡᠭᠡᠭᠡᠢ ᠳᠠᠭᠠᠭᠠᠤᠨ ᠨᠢᠰᠤᠯ᠎ᠠ᠃ ᠡᠵᠢ ᠠᠪᠣ ᠶᠢᠨ ᠶᠢᠡᠨ ᠵᠤᠷᠢᠭᠵᠢᠭᠤᠯᠤᠯ ᠶᠢᠡᠷ ᠳᠡᠭᠡᠭ᠍ᠰᠢ ᠭᠦᠭᠡᠷᠤᠨ ᠨᠢᠰᠴᠤ ᠶᠠᠭ ᠡᠭᠦᠷ ᠲᠤ ᠪᠠᠨ ᠤᠢ᠌ᠷᠠᠳᠴᠤ ᠭᠦᠷᠦᠭ᠍ᠰᠡᠨ ᠶᠢᠡᠨ ᠴᠢᠳᠠᠯ ᠮᠡᠭᠦᠰᠳᠡᠨ ᠪᠠᠭᠤᠵᠤ ᠢᠷᠠᠪᠠ᠃ ᠬᠠᠷᠢᠶᠠᠴᠠᠢ ᠳᠡᠭ᠍ᠳᠡᠭᠡᠭᠡᠢ ᠪᠠᠨ ᠰᠢᠯᠢᠨ ᠭᠦᠵᠦᠭᠦᠤ ᠪᠣᠶᠤ ᠠᠯᠢ ᠨᠢᠭᠡᠨ ᠡᠷᠭᠡᠳᠡᠨ ᠡᠴᠠ ᠨᠢ ᠵᠠᠭᠤᠵᠤ ᠵᠥᠭᠡᠭᠡᠳᠡᠭ᠌ ᠪᠢᠰᠢ ᠬᠠᠷᠢᠨ ᠡᠭᠡ ᠡᠴᠢᠭᠡ ᠬᠤᠶᠠᠷ ᠤᠨ ᠶᠢᠡᠨ ᠳᠠᠭᠠᠭᠤᠯᠭ᠎ᠠ ᠪᠠᠷ ᠨᠢᠰᠳᠡᠭ᠌ ᠪᠠᠢ᠌ᠬᠤ ᠨᠢ ᠭᠡᠯᠴᠡᠨ ᠪᠢᠳᠠ ᠬᠤᠶᠠᠷ ᠭᠦᠨ ᠨᠢᠭᠤᠴᠠᠬᠠᠢ ᠵᠣᠢ᠌ᠯ ᠢ ᠢᠯᠡᠷᠡᠭᠦᠯᠦᠭ᠍ᠰᠡᠨ ᠰᠢᠭ᠌ ᠳᠡᠷᠡᠭᠦᠭᠡᠨ ᠳᠤ ᠪᠠᠨ ᠪᠠᠶᠠᠷᠳᠠᠢ ᠪᠠᠢ᠌ᠵᠠᠭᠠᠯ᠎ᠠ᠃ ᠳᠡᠭ᠍ᠳᠡᠭᠡᠭᠡᠢ ᠨᠢ ᠪᠠᠶ᠎ᠠ ᠪᠠᠷ ᠶᠢᠡᠨ ᠡᠭᠡ ᠡᠴᠢᠭᠡ ᠡᠴᠠ ᠪᠠᠨ ᠳᠠᠳᠤᠢ ᠯᠠ ᠬᠤᠵᠢᠭᠳᠠᠬᠤ ᠦᠭᠡᠶ ᠳᠤᠮᠤᠷᠠᠵᠠᠢ᠃ ᠭᠠᠭᠴᠠ ᠢᠯᠭᠠᠭᠳᠠᠬᠤ ᠣᠠᠴᠠᠯᠢᠭ ᠨᠢ ᠵᠠᠪᠢᠵᠢ ᠨᠢ ᠴᠠᠭᠠᠨ ᠰᠢᠷ᠎ᠠ᠃

ᠦᠨᠦ ᠳᠡᠭ᠍ᠳᠡᠭᠡᠭᠡᠢ ᠪᠠᠭᠤᠵᠤ ᠢᠷᠡᠭᠦ ᠳᠤ ᠪᠠᠨ ᠮᠤᠲ᠋ᠤᠷ ᠤᠨ ᠡᠮᠤᠨ᠎ᠡ ᠪᠣᠯᠤ ᠶᠢᠨ ᠳᠤᠤᠷ᠎ᠠ ᠢᠷᠮᠡᠭ᠌ ᠳᠡᠭᠡᠷ᠎ᠡ ᠰᠠᠭᠤᠵᠠᠢ᠃ ᠪᠦᠷ ᠴᠤ ᠡᠪ ᠦᠭᠡᠶ ᠭᠠᠵᠠᠷ ᠰᠠᠭᠤᠯ᠎ᠠ ᠭᠡᠵᠤ ᠨᠠᠮ᠎ᠠ ᠶᠢ ᠠᠮᠠ ᠨᠡᠭᠡᠭᠡᠳᠡᠯ᠎ᠡ ᠨᠡᠭᠡᠭᠡᠯᠳᠡ ᠲᠡᠶ ᠡᠭᠦᠳᠡ ᠪᠠᠷ ᠴᠠᠭᠠᠨ ᠮᠤᠤᠷ ᠦᠰᠦᠷᠤᠨ ᠭᠠᠷᠴᠤ ᠢᠷᠡᠭᠡᠳ ᠳᠡᠭ᠍ᠳᠡᠭᠡᠭᠡᠢ ᠶᠢ ᠭᠠᠭᠴᠠᠬᠠᠨ ᠡᠮᠭᠦᠭᠡᠳ ᠭᠡᠷ ᠲᠤ ᠪᠠᠨ ᠣᠷᠤᠴᠢᠬᠠᠯ᠎ᠠ᠃ ᠪᠢᠳᠠ ᠬᠤᠶᠠᠷ ᠴᠤ ᠪᠣᠰᠤᠨ ᠬᠠᠷᠠᠢ᠌ᠵᠤ ᠭᠡᠷ ᠲᠤ ᠣᠷᠤᠯᠳᠤᠨ ᠣᠷᠤᠪᠠᠯ ᠵᠠᠯᠢ ᠲᠡᠶ ᠵᠤᠯᠢᠭ ᠠᠪᠳᠠᠷ᠎ᠠ ᠶᠢᠨ ᠳᠤᠤᠭᠤᠷ ᠰᠢᠷᠭᠤᠴᠢᠬᠠᠪᠠ᠃

ᠲ᠋ᠡᠭᠦᠤ ᠪᠠᠷᠢ ᠮᠢᠨᠢ᠄ 《ᠢᠩᠭᠢᠵᠤ ᠠᠮᠢᠳᠠᠨ ᠤ ᠵᠤᠯᠵᠠᠭ᠎ᠠ ᠪᠠᠷᠢᠴᠢᠬᠠᠳᠠᠭ ᠭᠣᠢ᠌ᠷᠠᠠᠴᠢ ᠪᠠᠢ᠌ᠬᠤ ᠭᠡᠵᠤ ᠁》 ᠭᠡᠵᠤ ᠲᠦᠳᠦᠨᠡᠨ ᠰᠢᠯᠪᠢᠭᠦᠷ ᠤᠨ ᠡᠰᠢ ᠪᠠᠷ ᠭᠤᠳᠤᠷᠢᠨ᠎ᠡ᠃

《ᠵᠠ᠂ ᠥᠭᠦᠭᠡ ᠪᠢᠵᠠ︕ ᠥᠭᠦᠭ᠍ᠰᠡᠨ ᠦᠭᠡᠶ ᠴᠤ ᠭᠡᠰᠡᠨ ᠨᠢᠳᠤᠨ ᠤ ᠪᠣᠯᠠᠢ ᠪᠣᠯᠴᠢᠬᠠᠭᠰᠠᠨ︕ ᠭᠡᠷᠡᠭ᠌ ᠦᠭᠡᠶ ᠮᠠᠭᠤᠰᠠᠢ᠌ᠨ ᠮᠤᠤᠷ ᠳᠡᠵᠢᠭᠡᠭᠡᠳ ᠁》 ᠭᠡᠵᠤ ᠪᠢ ᠬᠤᠭᠤᠯᠠᠢ ᠪᠠᠨ ᠡᠷᠢᠶᠡᠡᠳᠦᠭᠦᠯᠤᠨ ᠪᠠᠷᠭᠢᠷᠠᠵᠤ ᠪᠠᠢ᠌ᠭ᠎ᠠ ᠪᠠᠨ ᠰᠠ‍‌ᠶᠢ ᠣᠬᠠᠭᠠᠷᠠᠪᠠ᠃ ᠰᠡᠳᠭᠢᠯ ᠨᠢᠭᠡ ᠯᠠ ᠣᠢ᠌ᠤᠠᠬᠠᠷ ᠲᠡᠶ ᠬᠠᠴᠢᠨ ᠪᠣᠯᠴᠢᠬᠠᠯ᠎ᠠ᠃ ᠠᠮᠢᠳᠠᠨ ᠢ ᠢᠩᠭᠢᠵᠤ ᠦᠷ᠎ᠡ ᠡᠴᠠ ᠨᠢ ᠰᠠᠯᠭᠠᠬᠤ ᠭᠡᠵᠤ ᠳ᠋ᠠ᠂ ᠬᠠᠷᠠᠵᠤ ᠰᠠᠭᠤᠭᠰᠠᠭᠠᠷ ᠪᠠᠢ᠌ᠵᠤ ᠰᠢᠤ︕ ᠭᠡᠵᠤ ᠪᠣᠳᠤᠬᠤ ᠡᠴᠠ ᠪᠠᠢ᠌ᠵᠤ ᠰᠠᠭᠤᠵᠤ ᠶᠠᠳᠠᠨ᠎ᠠ᠃

ᠲ᠋ᠡᠭᠦᠤ ᠪᠠᠷᠢ ᠶᠢᠨ ᠶᠢᠡᠨ ᠲᠦᠯ ᠢᠯᠭᠠᠳᠠᠭ ᠰᠢᠯᠪᠢᠭᠦᠷ ᠶᠢᠡᠷ ᠮᠤᠤᠷ ᠶᠢᠡᠨ ᠣᠷᠢᠶᠠᠯᠭᠠᠨ ᠭᠦᠭᠡᠭᠡᠵᠤ ᠪᠠᠢ᠌ᠬᠤ ᠶᠢ ᠨᠢ ᠬᠠᠷᠠᠭᠠᠤᠨ ᠦᠷᠤ ᠡᠪᠠᠦᠡᠴᠢᠭᠡᠯ᠎ᠡ᠃ 《ᠭᠡᠷ ᠤᠨ ᠶᠢᠡᠨ ᠰᠠᠷᠠᠪᠴᠢᠨ ᠳᠤ ᠡᠭᠦᠷᠯᠡᠭ᠍ᠰᠡᠨ ᠬᠠᠷᠢᠶᠠᠴᠠᠢ ᠶᠢᠨ ᠳᠡᠭ᠍ᠳᠡᠭᠡᠭᠡᠢ ᠶᠢ ᠪᠠᠷᠢᠭᠤᠯᠬᠤ ᠭᠡᠵᠤ ᠮᠤᠤᠷ ᠳᠡᠵᠢᠭᠡᠭᠡ ᠦᠭᠡᠶ ᠨᠢ ᠮᠡᠳᠡᠭᠡᠵᠢ᠃ ᠶᠠᠭᠤ ᠪᠣᠯᠤᠯ᠎ᠠ ᠭᠡᠵᠤ ᠮᠤᠤᠷ ᠳᠡᠵᠢᠭᠡᠯ᠎ᠡ ᠭᠡᠵᠤ ᠳᠡᠭᠦᠤ ᠪᠠᠷᠢ ᠪᠠᠨ ᠣᠮᠤᠭᠳᠠᠵᠤ ᠪᠠᠢ᠌ᠬᠤ ᠰᠠᠨ ᠪᠢᠯᠠ︕ ᠠᠪ ᠠᠳᠠᠯᠢᠬᠠᠨ ᠦᠷ᠎ᠡ ᠬᠡᠦᠬᠡᠳ ᠲᠡᠶ ᠡᠵᠢ ᠭᠦᠮᠤᠨ ᠪᠠᠢ᠌ᠵᠤ ᠁》 ᠭᠡᠵᠤ ᠪᠣᠳᠤᠨ᠄ 《ᠪᠠᠭ᠎ᠠ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠲᠤ 〈ᠬᠠᠷ᠎ᠠ ᠮᠤᠤᠷ ᠴᠤᠩᠬᠤᠨ ᠳᠡᠭᠡᠷ᠎ᠡ ᠭᠠᠷᠤᠭᠠᠤᠨ᠂ ᠬᠠᠷᠢᠶᠠᠴᠠᠢ ᠶᠢᠨ ᠵᠤᠯᠵᠠᠭᠠᠨ ᠳᠤ ᠮᠢᠷᠢᠶᠠᠵᠤ ᠪᠠᠢ᠌ᠯ᠎ᠠ〉 ᠭᠡᠰᠡᠨ ᠰᠢᠯᠦᠭ᠌ ᠪᠠᠢ᠌ᠳᠠᠭ᠃ ᠮᠤᠤᠷ ᠬᠠᠷᠢᠶᠠᠴᠠᠢ ᠶᠢᠨ ᠵᠤᠯᠵᠠᠭ᠎ᠠ ᠪᠠᠷᠢᠳᠠᠭ ᠨᠢ ᠦᠨᠡᠨ ᠪᠠᠢ᠌ᠬᠤ ᠨᠢ ᠁》 ᠭᠡᠵᠤ ᠪᠢ ᠳᠡᠭᠦᠤ ᠪᠠᠷᠢ ᠶᠢᠨ ᠶᠢᠡᠨ ᠰᠡᠳᠭᠢᠯ ᠢ ᠵᠠᠰᠠᠵᠤ ᠳᠠᠢ᠌ᠪᠣᠩ ᠭᠡᠯᠡᠪᠡ᠃

ᠡᠴᠢᠭᠡ ᠡᠭᠡ ᠬᠤᠶᠠᠷ ᠨᠢ ᠳᠡᠭ᠍ᠳᠡᠭᠡᠭᠡᠢ ᠶᠢ ᠨᠢ ᠮᠤᠤᠷ ᠰᠢᠭᠦᠷᠦᠭ᠍ᠰᠡᠨ ᠢ ᠮᠠᠳᠠᠯ ᠦᠭᠡᠶ ᠳᠠᠭᠢᠨ ᠳᠠᠭᠢᠨ ᠮᠤᠲ᠋ᠤᠷ ᠤᠨ ᠬᠣᠢ᠌ᠭᠤᠷ ᠣᠷᠳᠤᠭᠤᠷ ᠡᠷᠭᠢᠴᠡᠨ ᠵᠢᠷᠭᠢᠨ᠎ᠡ᠃ ᠰᠤᠨᠢᠨ ᠶᠠᠭᠤᠮ᠎ᠠ ᠥᠵᠡᠭᠦ ᠭᠡᠵᠤ ᠪᠠᠢ᠌ᠵᠤ ᠪᠦᠷ ᠰᠡᠳᠭᠢᠯ ᠤᠨ ᠰᠡᠩᠰᠡᠷᠡᠭᠡᠨ ᠳᠤ ᠣᠨᠠᠴᠢᠬᠠᠯ᠎ᠠ᠃ ᠣᠷᠤᠢ ᠣᠷᠤᠨ ᠳᠤ ᠣᠷᠤᠴᠢᠬᠠᠭᠰᠠᠨ ᠴᠤ ᠦᠨᠦ ᠶᠠᠪᠣᠳᠠᠯ ᠪᠣᠳᠤᠯ ᠡᠴᠠ ᠭᠠᠷᠬᠤ ᠦᠭᠡᠶ ᠡᠷᠭᠢᠵᠤ ᠣᠷᠪᠠᠵᠤ ᠪᠠᠢ᠌ᠳᠠᠯ᠎ᠠ ᠭᠡᠨᠡᠳᠲᠡ ᠳᠡᠭᠦᠤ ᠪᠠᠷᠢ ᠮᠢᠨᠢ᠄ 《ᠪᠢ ᠪᠠᠭ᠎ᠠ ᠳᠤ ᠪᠠᠨ ᠬᠤᠯᠤᠭᠠᠨ᠎ᠠ ᠶᠢ ᠣᠴᠢᠷ ᠦᠭᠡᠶ ᠳᠠᠮᠤᠯᠠᠳᠠᠭ ᠪᠠᠢ᠌ᠭᠰᠠᠨ ᠶᠤᠮ᠃ ᠳᠡᠭᠡᠭᠡᠳ ᠯᠠ ᠡᠭᠦᠨ ᠤ ᠪᠠᠨ ᠯᠠᠢ ᠶᠢ ᠡᠳ᠋ᠯᠡᠵᠤ ᠪᠠᠢ᠌ᠭ᠎ᠠ ᠨᠢ ᠡᠨᠡ ᠁》 ᠭᠡᠯ᠎ᠡ᠃ 《ᠵᠠ᠂ ᠶᠠᠭᠤ ᠪᠣᠯᠤᠯ᠎ᠠ ᠭᠡᠵᠤ ᠮᠤᠤᠷ ᠳᠡᠭ᠍ᠳᠡᠭᠡᠭᠡᠢ ᠪᠠᠷᠢᠭ᠎ᠠ ᠯᠠ ᠪᠢᠵᠠ︕》 ᠭᠡᠰᠡᠨ ᠳᠤ᠂ 《ᠪᠢ ᠪᠠᠭ᠎ᠠ ᠰᠤᠷᠭᠠᠭᠤᠯᠢ ᠳᠤ ᠪᠠᠢ᠌ᠬᠤ ᠳᠤ ᠪᠠᠨ ᠨᠢᠭᠡ ᠬᠤᠯᠤᠭᠠᠨ᠎ᠠ ᠶᠢᠨ ᠰᠡᠭᠦᠯ ᠢ ᠨᠢ ᠣᠯᠠᠢ᠌ᠰᠤᠭᠰᠠᠨ ᠳᠠᠮᠤᠷ ᠵᠤᠤᠬᠠᠨ ᠳᠤ ᠬᠠᠭᠠᠷᠢᠨ ᠳᠠᠮᠤᠯᠠᠵᠤ ᠪᠢᠯᠠ᠃ ᠭᠡᠵᠢᠶ᠎ᠡ ᠬᠣᠢ᠌ᠨ᠎ᠠ ᠨᠢ ᠪᠢ ᠡᠭᠡᠴᠢ ᠲᠡᠶ ᠪᠠᠨ ᠣᠳᠤᠷ ᠤᠨ ᠮᠠᠢ᠌ᠬᠠᠨ ᠳᠤ ᠣᠠᠳᠠᠵᠤ ᠪᠠᠢ᠌ᠬᠤ ᠳᠤ ᠮᠢᠨᠤ ᠥᠡᠳᠡᠭᠡᠨ ᠬᠠᠴᠠᠷ ᠡᠴᠠ ᠬᠤᠯᠤᠭᠠᠨ᠎ᠠ ᠴᠢᠰᠤ ᠭᠠᠷᠳᠠᠯ᠎ᠠ ᠬᠠᠵᠠᠭᠠᠤᠨ ᠶᠡᠭᠡ ᠡᠪᠠᠦᠡᠭᠡᠭ᠍ᠰᠡᠨ᠃ ᠨᠢᠳᠤᠨᠤᠨ ᠡᠪᠦᠯ ᠪᠠᠷᠠᠭᠠᠨ ᠭᠡᠷ ᠢ ᠬᠤᠯᠤᠭᠠᠨ᠎ᠠ ᠣᠩᠭᠢᠯᠵᠤ ᠳᠦᠢᠪᠠᠭᠡᠳ ᠪᠠᠢ᠌ᠬᠤ ᠪᠠᠷ ᠨᠢ ᠬᠤᠤᠷ ᠰᠢᠩᠭᠡᠭᠡᠭ᠍ᠰᠡᠨ ᠪᠣᠭᠤᠳᠠᠢ ᠶᠢ ᠠᠪᠳᠠᠷ᠎ᠠ ᠶᠢᠨ ᠳᠤᠤᠭᠤᠷ᠂ ᠪᠠᠷᠠᠭᠠᠨ ᠤ ᠭᠦᠡᠳᠡᠢ ᠪᠠᠷ ᠨᠠᠯᠤ ᠰᠠᠴᠤᠪᠠ᠃ ᠪᠣᠭᠤᠳᠠᠢ ᠳᠤᠤᠷᠠᠬᠠᠨ ᠶᠢᠡᠨ ᠠᠯᠠᠭ᠎ᠠ ᠪᠣᠯᠵᠤ ᠬᠤᠯᠤᠭᠠᠨ᠎ᠠ ᠴᠥᠭᠡᠷᠡᠭᠦ ᠪᠠᠷ ᠨᠢ ᠥᠭᠦᠭᠡ ᠪᠢᠵᠠ ᠭᠡᠵᠤ ᠪᠣᠳᠤᠭᠰᠠᠨ ᠶᠤᠮ᠂ ᠳᠡᠭᠡᠭᠡᠳ ᠶᠠᠭᠠᠭᠢᠭᠰᠠᠨ ᠭᠡᠵᠤ ᠰᠠᠨᠠᠨ᠎ᠠ᠃ ᠨᠢᠭᠡ ᠡᠳᠦᠷ ᠪᠢ ᠭᠤᠯᠢᠷ ᠵᠠᠭᠤᠷᠠᠬᠤ ᠳᠤ ᠭᠠᠷ ᠲᠤ ᠳᠤᠪᠣᠭᠤᠷ ᠶᠠᠭᠤᠮ᠎ᠠ ᠪᠠᠷᠢᠭᠳᠠᠬᠤ ᠪᠠᠷ ᠨᠢ ᠶᠠᠭᠤ ᠶᠤᠮ ᠪᠣᠯ ᠭᠡᠳ ᠥᠵᠡᠭ᠍ᠰᠡᠨ ᠴᠢᠨᠢ ᠬᠠᠷᠢᠨ ᠬᠤᠤᠷ ᠲᠡᠶ ᠪᠣᠭᠤᠳᠠᠢ ᠪᠠᠢ᠌ᠯ᠎ᠠ᠃ ᠪᠢ ᠳᠠᠷᠠ ᠳᠤᠤᠷ᠎ᠠ ᠪᠠᠨ ᠪᠠᠷᠠᠭᠠᠨ ᠭᠡᠷ ᠲᠤ ᠭᠦᠶᠤᠨ ᠣᠷᠤᠵᠤ ᠭᠤᠯᠢᠷ ᠶᠢᠡᠨ ᠨᠡᠭᠡᠭᠡᠵᠤ ᠦᠵᠡᠪᠠᠯ ᠭᠤᠳᠡᠢ ᠲᠡᠶ ᠭᠤᠯᠢᠷ ᠤᠨ ᠳᠡᠭ᠌ ᠳᠤᠮᠳᠠ ᠨᠢ ᠮᠢᠨᠤ ᠬᠤᠯᠤᠭᠠᠨ᠎ᠠ ᠳᠤ ᠳᠠᠯᠪᠢᠭᠰᠠᠨ ᠪᠣᠭᠤᠳᠠᠢ ᠳᠠᠷᠠ ᠶᠤᠰᠤᠭᠠᠷ ᠶᠢᠡᠨ ᠪᠠᠢ᠌ᠯ᠎ᠠ᠃ ᠪᠠᠷᠤᠭ ᠨᠢᠭᠡ ᠮᠥᠭᠦᠯᠢᠭ᠌ ᠴᠤ ᠳᠤᠳᠠᠭ᠎ᠠ ᠦᠭᠡᠶ ᠭᠡᠭᠦ ᠳᠤ ᠭᠡᠳᠦᠷᠡᠭᠦ ᠦᠭᠡᠶ᠃ ᠳᠡᠭᠡᠭᠡᠳ ᠪᠢ ᠦᠰᠢᠶ᠎ᠡ ᠵᠠᠩᠭᠢᠳᠤᠨ ᠳᠠᠢ᠌ᠨ ᠵᠠᠷᠯᠠᠭᠰᠠᠨ ᠬᠤᠯᠤᠭᠠᠨ᠎ᠠ ᠡᠴᠠ ᠠᠶᠤᠬᠤ ᠰᠢᠭ ᠪᠣᠯᠵᠤ ᠮᠤᠤᠷ ᠳᠡᠵᠢᠭᠡᠭᠡᠭ᠍ᠰᠡᠨ ᠶᠤᠮ︕》 ᠭᠡᠯ᠎ᠡ᠃

《ᠪᠢᠳᠠ ᠬᠤᠶᠠᠷ ᠥᠵᠡᠴᠢᠭᠡᠭ᠍ᠰᠡᠨ ᠪᠣᠯᠤᠭᠠᠤᠨ ᠰᠡᠳᠭᠢᠯ ᠳᠤ ᠡᠡᠶᠡᠭᠦᠢ ᠪᠠᠢ᠌ᠬᠤ ᠡᠴᠠ ᠪᠢᠰᠢ᠂ ᠰᠠᠷᠠᠪᠴᠢᠨ ᠳᠤ ᠡᠭᠦᠷᠯᠡᠭ᠍ᠰᠡᠨ ᠬᠠᠷᠢᠶᠠᠴᠠᠢ ᠶᠢᠨ ᠭᠡᠴᠢᠨᠡᠨ ᠨᠢ ᠮᠤᠤᠷ ᠲᠤ ᠪᠠᠷᠢᠭᠳᠠᠳᠠᠭ ᠢ ᠭᠡᠨ ᠮᠡᠳᠡᠭᠦ ᠪᠣᠢ︖ ᠳᠠᠷᠠ ᠣᠯᠠᠨ ᠢ ᠪᠣᠳᠤᠵᠤ ᠰᠡᠳᠭᠢᠯ ᠶᠢᠡᠨ ᠵᠤᠪᠠᠭᠠᠭᠠᠤᠨ ᠶᠠᠭᠠᠭᠢᠬᠤ ᠭᠡᠰᠡᠨ ᠶᠤᠮ︕》 ᠭᠡᠵᠤ ᠳᠠᠢ᠌ᠤᠠᠬᠤᠷᠠᠭᠤᠯᠪᠠ᠃

ᠮᠠᠷᠭᠠᠰᠢ ᠨᠢ ᠳᠡᠭ᠍ᠳᠡᠭᠡᠭᠡᠢ ᠨᠤᠭᠦᠳ ᠪᠠᠭᠤᠵᠤ ᠢᠷᠡᠭ᠍ᠰᠡᠨ ᠦᠭᠡᠶ᠃ ᠡᠭᠡ ᠡᠴᠢᠭᠡ ᠨᠢ ᠣᠢ᠌ᠭ᠎ᠠ ᠦᠭᠡᠶ ᠢᠳᠠᠰᠢ ᠵᠥᠭᠡᠭᠡᠨ ᠳᠡᠵᠢᠭᠡᠳᠡᠭ᠌ ᠶᠢᠡᠷ ᠶᠢᠡᠨ ᠳᠡᠵᠢᠭᠡᠨ᠎ᠡ᠃ ᠳᠠᠳᠠ ᠦᠶ᠎ᠡ ᠦᠶ᠎ᠡ ᠮᠤᠲ᠋ᠤᠷ ᠤᠨ ᠳᠡᠷᠭᠡᠳᠡᠭᠦᠷ ᠵᠢᠷᠭᠢᠨ ᠡᠷᠭᠢᠯᠳᠤᠨ᠎ᠡ᠃

ᠳᠦᠷᠪᠡᠳᠠᠭᠢ ᠡᠳᠦᠷ ᠤᠨ ᠦᠷᠯᠦᠭᠡ ᠨᠢ ᠳᠡᠭ᠍ᠳᠡᠭᠡᠭᠡᠢ ᠨᠤᠭᠦᠳ ᠠᠯᠠᠭ᠎ᠠ ᠪᠠᠢ᠌ᠯ᠎ᠠ᠃ ᠠᠯᠢ ᠵᠠᠪ ᠲᠤ ᠨᠢ ᠨᠢᠰᠦᠭᠡᠳ ᠶᠠᠪᠣᠴᠢᠬᠠᠭᠰᠠᠨ ᠢ ᠪᠣᠤ ᠮᠠᠳᠠ᠃ ᠳᠡᠭ᠍ᠳᠡᠭᠡᠭᠡᠢ ᠨᠤᠭᠦᠳ ᠶᠢᠡᠨ ᠭᠦᠢᠴᠡᠳ ᠲᠦᠯᠵᠢᠭᠦᠯᠵᠤ ᠠᠪᠣᠭᠠᠤᠨ ᠨᠢᠭᠡᠮᠦᠰᠤᠨ ᠶᠠᠪᠣᠴᠢᠬᠠᠵᠤ ᠳ᠋ᠠ ᠭᠡᠵᠤ ᠪᠢ ᠪᠣᠳᠤᠪᠠ᠃ ᠳᠡᠭ᠍ᠳᠡᠭᠡᠭᠡᠢ ᠨᠤᠭᠦᠳ ᠤᠨ ᠱᠤᠯᠤᠭᠠᠨᠠᠯᠳᠤᠭᠠᠨ ᠳᠠᠰᠤᠷᠠᠨ ᠴᠢᠮᠡᠭᠡ ᠠᠨᠠᠷ ᠦᠭᠡᠶ ᠬᠠᠴᠢᠨ ᠣᠢ᠌ᠤᠠᠬᠠᠷ ᠲᠡᠶ ᠳᠦᠩᠰᠦᠭᠦᠷ ᠰᠠᠨᠠᠭᠳᠠᠨ᠎ᠠ᠃ ᠪᠢ ᠭᠠᠷᠴᠤ ᠣᠷᠤᠨ ᠳᠤᠭᠳᠠᠭᠤᠷᠢ ᠮᠠᠭᠤᠳᠠᠢ ᠪᠠᠢ᠌ᠬᠤ ᠪᠠᠨ ᠮᠠᠳᠠᠵᠤ ᠪᠠᠢ᠌ᠭᠰᠠᠨ ᠴᠤ ᠪᠠᠶ᠎ᠠ ᠪᠠᠨ ᠨᠢᠭᠡ ᠯᠠ ᠪᠠᠷᠢᠵᠤ ᠴᠢᠳᠠᠬᠤ ᠦᠭᠡᠶ ᠪᠠᠢ᠌ᠯ᠎ᠠ᠃ ᠰᠢᠪᠠᠭᠤ ᠳᠤᠤᠭᠠᠷᠬᠤ ᠰᠢᠭ ᠪᠣᠯᠬᠤᠷ ᠨᠢ ᠭᠠᠷᠴᠤ ᠬᠠᠷᠠᠴᠢᠬᠠᠭᠠᠤᠨ ᠣᠷᠤᠵᠤ ᠢᠷᠡᠭᠦ ᠳᠤ᠂ ᠳᠡᠭᠦᠤ ᠪᠠᠷᠢ ᠮᠢᠨᠢ᠄ 《ᠬᠠᠷᠢᠶᠠᠴᠠᠢ ᠳᠡᠭ᠍ᠳᠡᠭᠡᠭᠡᠢ ᠨᠤᠭᠦᠳ ᠶᠢᠡᠨ ᠭᠦᠯᠵᠢᠭᠦᠯᠵᠤ ᠨᠠᠯᠢᠶᠠᠤᠨ ᠭᠡᠳᠤ ᠬᠤᠨᠤᠳᠠᠭ ᠶᠤᠮ᠂ ᠶᠠᠪᠣᠬᠤ ᠠᠷᠠᠢ ᠪᠣᠯᠤᠭ᠎ᠠ ᠦᠭᠡᠶ ᠪᠠᠢ᠌ᠬᠤ ᠁》 ᠭᠡᠪᠡ᠃ 《ᠥ᠂ ᠵᠥᠭᠡᠷ ᠁ ᠪᠢ ᠮᠠᠯ ᠤᠨ ᠪᠠᠷ᠎ᠠ ᠬᠠᠷᠠᠭᠠᠤᠨ ᠁》 ᠭᠡᠯ᠎ᠡ᠃ ᠬᠤᠳᠠᠯ ᠭᠡᠯᠡᠭᠦ ᠶᠡᠭᠡ ᠡᠪ ᠦᠭᠡᠶ ᠶᠤᠮ ᠪᠠᠢ᠌ᠳᠠᠭ ᠰᠢᠤ︕

ᠭᠡᠭᠦᠤ ᠢᠪᠠᠭᠡᠭᠦ ᠨᠠᠷᠠᠨ ᠶᠢᠡᠷ ᠳᠡᠭ᠍ᠳᠡᠭᠡᠭᠡᠢ ᠶᠢᠨ ᠱᠤᠯᠤᠭᠠᠨᠠᠨ ᠰᠤᠨᠤᠰᠳᠠᠯ᠎ᠠ᠃ 《ᠳᠡᠭ᠍ᠳᠡᠭᠡᠭᠡᠢ ᠨᠤᠭᠦᠳ ᠁》 ᠭᠡᠳ ᠳᠡᠭᠦᠤ ᠪᠠᠷᠢ ᠮᠢᠨᠢ ᠭᠦᠶᠤᠨ ᠭᠠᠷᠪᠠ᠃ ᠭᠦᠭᠡᠷᠦᠭᠦᠢ ᠳᠠᠷᠠ ᠮᠢᠨᠢ ᠴᠤ ᠨᠠᠳᠠ ᠲᠡᠶ ᠪᠠᠨ ᠠᠳᠠᠯᠢᠬᠠᠨ ᠪᠢᠳᠡᠭᠦᠭᠡᠨ ᠳᠤ ᠪᠠᠨ ᠳᠡᠭ᠍ᠳᠡᠭᠡᠭᠡᠢ ᠨᠤᠭᠦᠳ ᠢ ᠥᠭᠡᠢ᠌ᠯᠡᠵᠤ ᠪᠠᠢ᠌ᠵᠤ ᠳ᠋ᠠ᠃ ᠥᠨᠡᠭᠡᠷ ᠳᠡᠭ᠍ᠳᠡᠭᠡᠭᠡᠢ ᠨᠤᠭᠦᠳ ᠰᠠᠷᠠᠪᠴᠢᠨ ᠤ ᠡᠨᠡ ᠳᠡᠷᠡᠭᠡᠨ ᠳᠡᠭᠡᠷ᠎ᠡ ᠰᠠᠭᠤᠵᠠᠭᠠᠨ ᠱᠤᠯᠤᠭᠠᠨᠠᠵᠠᠭᠠᠨ᠎ᠠ᠃ ᠳᠡᠭᠦᠤ ᠪᠠᠷᠢ ᠮᠢᠨᠢ ᠰᠢᠯᠪᠢᠭᠦᠷ ᠤᠨ ᠰᠢᠳᠠᠮ ᠶᠢᠡᠷ ᠮᠤᠤᠷ ᠶᠢᠡᠨ ᠣᠶᠠᠪᠠ᠃ ᠳᠡᠭ᠍ᠳᠡᠭᠡᠭᠡᠢ ᠨᠤᠭᠦᠳ ᠡᠵᠢ ᠠᠪᠣ ᠶᠢᠨ ᠶᠢᠡᠨ ᠳᠠᠭᠠᠭᠤᠯᠭ᠎ᠠ ᠪᠠᠷ ᠳᠤᠤᠷᠠᠬᠠᠨ ᠶᠢᠡᠨ ᠡᠭᠦᠷ ᠲᠤ ᠪᠠᠨ ᠬᠠᠷᠢᠵᠠᠭᠠᠯ᠎ᠠ᠃

ᠮᠠᠷᠭᠠᠰᠢ ᠨᠢ ᠪᠢ ᠳᠡᠭᠦᠤ ᠶᠢᠨ ᠡᠴᠠ ᠪᠠᠨ ᠭᠠᠷᠴᠤ ᠬᠠᠷᠢᠵᠤ ᠢᠷᠠᠪᠠ᠃ ᠳᠡᠭ᠍ᠳᠡᠭᠡᠭᠡᠢ ᠶᠢᠨ ᠮᠤᠤᠷ ᠲᠤ ᠪᠠᠷᠢᠭᠳᠠᠭᠰᠠᠨ ᠶᠠᠪᠣᠳᠠᠯ ᠶᠠᠷᠤ ᠨᠢ ᠰᠠᠨᠠᠭᠠᠨ ᠡᠴᠠ ᠭᠠᠷᠬᠤ ᠦᠭᠡᠶ᠃ ᠦᠨᠦ ᠦᠷᠯᠦᠭᠡ ᠪᠢ ᠳᠡᠭᠦᠤ ᠪᠠᠷᠢ ᠳᠤ ᠪᠠᠨ ᠣᠳᠠᠰᠤ ᠠᠪᠣᠪᠠ᠃ ᠭᠡᠰᠡᠨ ᠴᠤ ᠳᠡᠭ᠍ᠳᠡᠭᠡᠭᠡᠢ ᠨᠤᠭᠦᠳ ᠢ ᠠᠰᠠᠭᠤᠵᠤ ᠨᠢᠭᠡ ᠯᠠ ᠴᠢᠳᠠᠭᠰᠠᠨ ᠦᠭᠡᠶ᠃ ᠠᠳᠠᠯᠢᠬᠠᠨ ᠡᠵᠢ ᠪᠠᠢ᠌ᠵᠤ ᠭᠡᠨ ᠠᠯᠢᠨ ᠤ ᠪᠠᠨ ᠰᠡᠳᠭᠢᠯ ᠢ ᠭᠦᠡᠳᠡᠭᠡᠳ ᠶᠠᠭᠤ ᠭᠢᠭᠦ ᠪᠣᠢ ⁈
ᠵᠤᠬᠢᠶᠠᠭᠴᠢ ᠶᠢᠨ ᠬᠠᠶ‍ᠢᠭ᠄   ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠪᠠ᠊·ᠠᠯᠲᠠᠨ‍ᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6075
ᠴᠠᠭ᠄ 2010 ᠤᠨ ᠤ 08 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ