ᠡᠷ᠎ᠡ ᠭᠦᠮᠤᠨ

        1

ᠡᠷ᠎ᠡ ᠭᠦᠮᠤᠨ ᠊᠊᠊᠊᠊᠊᠊᠊᠊᠊᠊᠊᠊᠊᠊

ᠳᠠᠯ᠎ᠠ ᠪᠠᠨ ᠡᠯᠢᠭᠡᠳᠡᠨ ᠣᠭᠢᠯᠠᠨ ᠢᠷᠠᠵᠤ

ᠳᠡᠭ᠍ᠷᠢ ᠪᠠᠨ ᠡᠷᠭᠦᠵᠤ ᠳᠠᠭᠤᠯᠠᠨ ᠠᠮᠢᠳᠤᠷᠠᠨ᠎ᠠ ᠁

ᠡᠯᠢᠭᠡ ᠪᠦᠳᠤᠨ ᠬᠤᠷᠸ᠎ᠠ ᠳ᠋ᠤ

ᠡᠷ᠎ᠡ ᠭᠦᠮᠤᠨ ᠳᠤᠳᠠᠵᠤ ᠦᠯᠦ ᠪᠣᠯᠤᠨ᠎ᠠ

ᠡᠷ᠎ᠡ ᠭᠦᠮᠤᠨ ᠦᠭᠡᠶ ᠪᠣᠯ

ᠡᠷᠦᠭᠡ ᠭᠡᠷ ᠰᠦᠷ ᠶᠢᠡᠷ ᠴᠢᠮᠠᠯᠠᠭᠳᠠᠨ᠎ᠠ

ᠠᠭᠤᠳᠠᠮ ᠬᠠᠩᠭ᠋ᠠᠢ ᠵᠢᠪᠬᠤᠭ᠎ᠠ ᠪᠠᠷ ᠳᠤᠤᠷᠠᠳᠤᠨ᠎ᠠ

ᠠᠮᠢᠵᠢᠷᠠᠯ ᠤᠨ ᠨᠤᠭᠤᠭᠠᠨ ᠰᠤᠷᠠᠭ

ᠡᠷ᠎ᠡ ᠭᠦᠮᠤᠨ ᠤ ᠢᠰᠭᠢᠷᠭᠡᠨ ᠶᠢᠡᠷ ᠳᠠᠮᠵᠢᠭᠳᠠᠨ᠎ᠠ

ᠡᠩᠭᠡᠵᠢᠯ ᠤᠨ ᠴᠡᠩᠭᠡᠷ ᠬᠤᠷᠤᠢ

ᠡᠷ᠎ᠡ ᠭᠦᠮᠤᠨ ᠤ ᠭᠡᠢ᠌ᠮᠦᠷᠢ ᠳᠠᠯᠠᠯᠤᠭᠳᠠᠨ᠎ᠠ

ᠠᠮᠢᠳᠤᠷᠠᠯ ᠤᠨ ᠭᠠᠩᠭ᠋ᠠᠩ ᠰᠠᠷᠠᠨ

ᠡᠷ᠎ᠡ ᠭᠦᠮᠤᠨ ᠤ ᠬᠠᠢ᠌ᠷ᠎ᠠ ᠪᠠᠷ ᠳᠡᠷᠭᠡᠯᠰᠢᠨ᠎ᠡ

ᠣᠢ᠌ᠯᠠᠰ ᠤᠨ ᠳᠤᠷᠭᠠᠨ ᠭᠠᠠᠵᠤᠭ᠎ᠠ

ᠡᠷ᠎ᠡ ᠭᠦᠮᠤᠨ ᠤ ᠳᠠᠮᠢᠷ ᠶᠢᠡᠷ ᠳᠤᠰᠤᠯᠠᠭᠳᠠᠨ᠎ᠠ

        2

ᠡᠷ᠎ᠡ ᠭᠦᠮᠤᠨ ᠊᠊᠊᠊᠊᠊᠊᠊᠊᠊᠊᠊᠊᠊᠊

ᠠᠮᠢᠳᠤᠷᠠᠯ ᠤᠨ ᠳᠦᠷᠪᠠᠨ ᠣᠯᠠᠷᠢᠯ

ᠠᠶᠠᠨ ᠤ ᠭᠤᠷᠪᠠᠨ ᠴᠢᠯᠠᠭᠤ

ᠡᠷ᠎ᠡ ᠭᠦᠮᠤᠨ ᠊᠊᠊᠊᠊᠊᠊᠊᠊᠊᠊᠊᠊᠊᠊

ᠬᠠᠳᠠᠭᠠᠤᠨ ᠳᠠᠯᠪᠢᠭᠰᠠᠨ ᠬᠠᠳᠠᠭᠠᠰᠤ

ᠳᠠᠳᠠᠭᠠᠤᠨ ᠳᠠᠯᠪᠢᠭᠰᠠᠨ ᠵᠠᠪᠠ

ᠡᠷ᠎ᠡ ᠭᠦᠮᠤᠨ ᠊᠊᠊᠊᠊᠊᠊᠊᠊᠊᠊᠊᠊᠊᠊

ᠴᠠᠭᠢᠯᠤᠨ ᠳᠤᠪᠳᠤᠯᠬᠤ ᠭᠦᠯᠦᠭ᠌

ᠴᠤᠯᠭᠢᠨ ᠪᠣᠰᠬᠤ ᠪᠦᠷᠭᠦᠤᠨ

ᠡᠷ᠎ᠡ ᠭᠦᠮᠤᠨ ᠊᠊᠊᠊᠊᠊᠊᠊᠊᠊᠊᠊᠊᠊᠊

ᠬᠠᠳᠠᠵᠤ ᠳᠠᠭᠰᠢᠷᠠᠬᠤ ᠦᠭᠡᠶ ᠳᠠᠮᠢᠷ

ᠬᠠᠷᠠᠯᠠᠵᠤ ᠪᠠᠯᠠᠷᠠᠳᠠᠭ ᠦᠭᠡᠶ ᠣᠬᠠᠭ᠎ᠠ

       3

ᠡᠷ᠎ᠡ ᠭᠦᠮᠤᠨ ᠊᠊᠊᠊᠊᠊᠊᠊᠊᠊᠊᠊᠊᠊᠊

ᠬᠠᠢ᠌ᠷᠠᠯᠠᠬᠤ ᠳᠠᠭᠠᠨ ᠬᠠᠪᠣᠷ ᠤᠨ ᠬᠠᠢ᠌ᠯ ᠰᠢᠭ ᠣᠶᠠᠷᠠᠨ᠎ᠠ

ᠰᠠᠨᠠᠬᠤ ᠳᠠᠭᠠᠨ ᠳᠠᠯ᠎ᠠ ᠶᠢᠨ ᠴᠢᠨ᠋ᠸ᠎ᠠ ᠴᠢᠭ ᠣᠯᠢᠨ᠎ᠠ

ᠬᠤᠷᠤᠰᠬᠤ ᠳᠠᠭᠠᠨ ᠳᠡᠭ᠍ᠷᠢ ᠶᠢᠨ ᠠᠶᠤᠩᠭ᠎ᠠ ᠰᠢᠭ ᠨᠢᠷᠭᠡᠨ᠎ᠡ

ᠭᠢᠯᠢᠩᠨᠡᠭᠦ ᠳᠡᠭᠡᠨ ᠠᠭᠤᠯᠠ ᠶᠢᠨ ᠦᠶᠡᠷ ᠰᠢᠭ᠌ ᠣᠢ᠌ᠯᠤᠨ᠎ᠠ ᠁

        4

ᠡᠷ᠎ᠡ ᠭᠦᠮᠤᠨ

ᠪᠦᠳᠦᠷᠢᠭᠦ ᠡᠴᠠ ᠠᠶᠤᠬᠤ ᠥᠭᠡᠢ

ᠪᠦᠭᠦᠢᠯᠵᠢᠭᠦ ᠡᠴᠠ ᠵᠢᠭ᠍ᠰᠢᠳᠡᠭ᠌

ᠡᠷ᠎ᠡ ᠭᠦᠮᠤᠨ

ᠬᠤᠳᠳᠤᠭ ᠤᠨ ᠢᠷᠤᠭᠠᠷ ᠢ ᠬᠠᠷᠠᠳᠠᠭ ᠥᠭᠡᠢ

ᠬᠤᠷᠸ᠎ᠠ ᠶᠢᠨ ᠦᠨᠳᠦᠷ ᠲᠤ ᠳᠡᠪᠢᠳᠡᠭ᠌


ᠬᠤᠨᠢ ᠪᠠᠨ ᠨᠢᠳᠤᠯᠵᠤ ᠴᠢᠨ᠋ᠸ᠎ᠠ ᠪᠠᠨ ᠳᠡᠵᠢᠭᠡᠭᠦ

ᠬᠤᠤᠷ ᠤᠨ ᠰᠠᠨᠠᠭ᠎ᠠ

ᠡᠷ᠎ᠡ ᠭᠦᠮᠤᠨ ᠳᠤ ᠬᠠᠪᠢᠳᠠᠭ᠎ᠠ ᠦᠭᠡᠶ︕

ᠭᠡᠭᠡᠷ᠎ᠡ ᠶᠢᠨ ᠭᠠᠬᠠᠢ ᠪᠠᠷ ᠳᠡᠭ᠍ᠷᠢ ᠳᠠᠭᠢᠬᠤ ᠬᠠᠭᠤᠷᠮᠠᠭ ᠪᠠᠭ

ᠡᠷ᠎ᠡ ᠭᠦᠮᠤᠨ ᠳᠤ ᠤᠢ᠌ᠷᠠᠳᠤᠭ᠎ᠠ ᠦᠭᠡᠶ︕

        5

ᠡᠷ᠎ᠡ ᠭᠦᠮᠤᠨ ᠊᠊᠊᠊᠊᠊᠊᠊᠊᠊᠊᠊᠊᠊᠊

ᠥᠭᠦᠭᠦ ᠶᠢᠨ ᠣᠴᠢᠷ ᠫᠣᠤ ᠶᠢᠨ ᠠᠮᠠ ᠶᠢ ᠪᠦᠭᠯᠡᠳᠡᠭ᠌ ᠥᠭᠡᠢ

ᠠᠮᠢᠳᠤᠷᠠᠬᠤ ᠶᠢᠨ ᠲᠦᠯᠦᠭᠡ ᠭᠢᠳᠤᠭ᠎ᠠ ᠶᠢᠨ ᠢᠷ ᠢ ᠵᠠᠵᠢᠯᠠᠵᠤ ᠵᠤᠭᠰᠤᠳᠠᠭ︕

        6

ᠣᠨᠠᠵᠤ ᠪᠣᠰᠬᠤ ᠬᠤᠷᠸ᠎ᠠ ᠶᠢᠨ ᠵᠠᠢ᠌ᠴᠢᠨ ᠳ᠋ᠤ

ᠣᠴᠠᠷᠠᠵᠤ ᠰᠠᠯᠤᠯᠴᠠᠬᠤ ᠠᠮᠢᠳᠤᠷᠠᠯ ᠤᠨ ᠨᠤᠭᠤᠴᠠᠭᠠᠨ ᠳ᠋ᠤ

ᠣᠯᠵᠤ ᠠᠯᠳᠠᠬᠤ ᠦᠷᠢᠰᠦᠭᠡᠨ ᠤ ᠣᠨᠢᠨ ᠳ᠋ᠤ

ᠣᠷᠤᠭ᠎ᠠ ᠪᠣᠰᠭᠭ᠎ᠠ

ᠴᠠᠭ ᠤᠨ ᠪᠣᠱᠤᠭᠠᠨ ᠳ᠋ᠤ

ᠡᠷ᠎ᠡ ᠭᠦᠮᠤᠨ

ᠠᠭᠤᠯᠠ ᠰᠢᠭ ᠰᠡᠭᠦᠢᠨ ᠪᠣᠰᠴᠤ ᠮᠠᠳᠠᠨ᠎ᠡ

ᠡᠯᠡᠰᠤ ᠰᠢᠭ᠌ ᠰᠢᠭᠤᠷᠠᠨ ᠮᠥᠯᠭᠦᠵᠤ ᠮᠠᠳᠠᠨ᠎ᠡ

ᠠᠯᠳᠠ ᠰᠢᠭ ᠭᠢᠯᠠᠰᠤᠨ ᠭᠢᠯᠪᠠᠵᠤ ᠮᠠᠳᠠᠨ᠎ᠡ

ᠠᠷᠭᠠᠯ ᠰᠢᠭ ᠣᠳᠤᠭᠠᠰᠢᠨ ᠠᠭᠠᠷᠰᠢᠵᠤ ᠮᠠᠳᠠᠨ᠎ᠡ ᠁

        7

ᠡᠷ᠎ᠡ ᠭᠦᠮᠤᠨ ᠤ ᠰᠡᠳᠭᠢᠯ ᠳ᠋ᠤ

ᠡᠵᠢ ᠭᠦᠮᠤᠨ ᠭᠡᠵᠢᠶᠡᠳᠡ ᠮᠥᠩᠭᠡ ᠵᠢᠷᠭᠠᠳᠠᠭ

ᠡᠷ᠎ᠡ ᠭᠦᠮᠤᠨ ᠤ ᠵᠡᠭᠦᠳᠤᠨ ᠳ᠋ᠤ

ᠡᠭᠡ ᠣᠷᠤᠨ ᠦᠨᠢ ᠪᠦᠳᠤᠨ ᠣᠷᠤᠰᠢᠳᠠᠭ

ᠡᠷ᠎ᠡ ᠭᠦᠮᠤᠨ ᠤ ᠪᠣᠳᠤᠯ ᠳ᠋ᠤ

ᠡᠷᠭᠢᠰ ᠪᠦᠮᠪᠦᠷᠴᠡᠭ᠌ ᠡᠭᠡᠭᠡ ᠪᠦᠭᠦᠯᠢ ᠡᠷᠭᠢᠳᠡᠭ᠌

ᠡᠷ᠎ᠡ ᠭᠦᠮᠤᠨ ᠤ ᠭᠦᠰᠡᠯ ᠳ᠋ᠤ

ᠣᠢ᠌ᠯᠠᠰ ᠤᠨ ᠨᠠᠷ᠎ᠠ ᠦᠷᠯᠦᠭᠡ ᠦᠷᠯᠦᠭᠡ ᠰᠢᠨ᠎ᠡ ᠁


ᠵᠤᠬᠢᠶᠠᠭᠴᠢ ᠶᠢᠨ ᠬᠠ‍‌ᠶᠢᠭ ᠄ ᠪᠠᠶᠠᠠᠬᠤᠰᠢᠭᠤ ᠵᠢᠷᠭᠤᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠢᠶᠠᠨ ᠠᠵᠢᠨᠠᠢ
ᠬᠠᠷᠢᠶ᠎ᠠ᠄ ᠰᠢᠯᠦᠭ
ᠳᠠᠷᠤᠮ᠄ 2525
ᠴᠠᠭ᠄ 2011 ᠤᠨ ᠤ 05 ᠰᠠᠷ᠎ᠠ ᠶᠢᠨ 23