ᠭᠠᠯᠳᠠᠨ ᠪᠣᠱᠤᠭᠳᠤ

ᠴᠤᠭ ᠵᠠᠯᠢ ᠳᠡᠭᠦᠰ

ᠴᠤᠷᠤᠰ ᠣᠪᠣᠭᠳᠠᠨ ᠤ ᠪᠠᠭᠠᠳᠤᠷ

ᠡᠷᠡᠮᠡᠭᠡᠢ ᠭᠦᠴᠤ ᠭᠡᠳᠦᠷᠡᠭ᠍ᠰᠡᠨ

ᠡᠰᠡᠨ ᠬᠤᠳᠤᠭᠳᠤ ᠶᠢᠨ ᠬᠤᠪᠢᠯᠭᠠᠨ᠃   

ᠴᠡᠷᠢᠭ᠌ ᠱᠠᠰᠢᠨ ᠤ ᠵᠢᠭᠦᠷ ᠶᠢᠡᠷ

ᠴᠢᠭᠡ ᠳᠡᠭᠡᠭ᠍ᠰᠢ ᠴᠣᠢ᠌ᠯᠤᠭᠰᠠᠨ ᠪᠦᠷᠭᠦᠤᠨ

ᠴᠠᠭ ᠤᠨ ᠦᠩᠭᠡ ᠳᠠᠭᠠᠵᠤ ᠠᠮᠵᠢᠯ᠎ᠠ

ᠴᠢᠳᠠᠯ ᠭᠦᠴᠤ ᠪᠠᠨ ᠰᠠᠯᠪᠢᠵᠤ ᠪᠦᠷᠢᠳᠦᠭᠦᠯᠦᠯ᠎ᠡ

ᠬᠠᠭᠠᠴᠠᠨ ᠵᠠᠳᠠᠷᠠᠭᠰᠠᠨ

ᠬᠠᠮᠤᠭ ᠮᠤᠩᠭᠤᠯ ᠢ ᠨᠢᠭᠡᠳᠭᠡᠨ

ᠬᠠᠯᠬ᠎ᠠ ᠲᠡᠶ ᠨᠠᠢ᠌ᠯᠠᠵᠤ

ᠬᠠᠭᠠᠠᠳᠤ ᠣᠯᠤᠰ ᠢ ᠪᠠᠢ᠌ᠭᠤᠯᠤᠶ᠎ᠠ ᠭᠡᠭᠦ ᠳᠤ

ᠳᠠᠯᠠᠢ ᠯᠠᠮ᠎ᠠ ᠶᠢᠨ 《ᠣᠷᠤ》   

     ᠳ᠋ᠢᠪᠠ ᠰᠠᠩᠵᠠᠢ ᠳᠤᠰᠠᠯᠠᠯ᠎ᠠ ᠴᠤ

ᠳᠠᠢ᠌ᠯᠠᠵᠤ ᠪᠣᠰᠬᠤ ᠳᠤ ᠬᠠᠮᠵᠢᠵᠤ

     ᠬᠤᠮᠢᠵᠤ ᠳᠦᠪᠭᠢᠨᠡᠭᠦᠯᠵᠤ ᠦᠭ‍ᠭᠦᠯ᠎ᠡ ᠴᠤ

ᠭᠠᠭᠴᠠ ᠮᠤᠳᠤ ᠪᠣᠯᠵᠤ

     ᠭᠠᠴᠢᠭᠳᠠᠯ᠎ᠠ ᠯᠠ ᠳᠠ︕   

ᠭᠠᠯ ᠪᠣᠯᠵᠤ ᠣᠩᠭᠠᠰᠤᠶ᠎ᠠ ᠭᠡᠭᠦ ᠳᠤ

ᠭᠠᠳᠠᠨ᠎ᠠ ᠳᠤᠳᠤᠨ᠎ᠠ ᠡᠴᠡ ᠨᠠᠢ᠌ᠯᠠᠵᠤ

     ᠦᠷᠪᠢᠰᠴᠤ ᠦᠭ‍ᠭᠦᠭ᠍ᠰᠡᠨ ᠦᠭᠡᠶ

ᠭᠠᠯᠳᠠᠨ ᠪᠣᠱᠤᠭᠳᠤ ᠶᠢᠨ

     ᠭᠠᠨᠢᠷᠬᠠᠯ ᠤᠨ ᠨᠢᠯᠪᠣᠰᠤ

     ᠭᠠᠷᠠᠮ ᠦᠭᠡᠶ ᠡ

     ᠡᠷᠭᠢ ᠦᠭᠡᠶ ᠡ᠂   ᠡ᠂   ᠡ

ᠳᠡᠮᠡᠭᠡᠨ ᠭᠡᠷᠡᠮ ᠶᠢᠡᠷ ᠵᠢᠭᠰᠠᠭᠠᠯ ᠪᠣᠯᠭᠠᠵᠤ

     ᠳᠠᠮᠠᠴᠠᠵᠤ ᠦᠵᠡᠯ᠎ᠠ᠂   ᠲ᠋ᠠᠰᠪᠣᠷᠢᠯᠠᠵᠤ ᠳᠤᠯᠤᠯ᠎ᠠ

     ᠭᠤᠶᠠᠴᠢ ᠦᠭᠡᠶ ᠴᠢᠷᠮᠠᠢ᠌ᠯ᠎ᠠ

ᠳᠡᠦᠭᠡᠨ ᠡᠴᠡ ᠨᠠᠭᠠᠰᠢ

     ᠳᠡᠭᠡᠭ᠍ᠯᠡᠭᠦᠯᠵᠤ ᠳᠡᠨᠡᠭ᠍ᠯᠡᠭᠦᠯᠵᠤ ᠣᠷᠭᠠᠯᠠᠭᠰᠠᠭᠠᠷ

     ᠬᠤᠤᠷ ᠶᠢᠡᠨ ᠭᠠᠢ᠌ᠬᠠᠭᠤᠯᠵᠤ ᠢᠷᠡᠭ᠍ᠰᠡᠨ

《ᠭᠤᠸ᠎ᠠ ᠪᠠᠷ ᠭᠤᠬᠠᠳᠠᠬᠤ》 ᠳ᠋ᠤ ᠨᠢ ᠣᠨᠠᠭᠰᠠᠨ ᠦᠭᠡᠶ

     ᠭᠤᠮᠤᠳᠠᠬᠤ ᠶᠠᠭᠤ ᠪᠠᠢ᠌ᠨ᠎ᠠ︖   

ᠡᠪ ᠨᠢᠭᠡᠳᠦᠯ ᠤᠨ ᠲᠦᠯᠦᠭᠡ

     ᠡᠷ᠎ᠡ ᠪᠠᠶ᠎ᠠ

     ᠭᠡᠷ ᠦᠭᠡᠶ᠂   ᠲ᠋ᠠᠷ᠎ᠠ ᠦᠭᠡᠶ

     ᠡᠭᠡᠷᠡᠮ᠎ᠡ ᠳᠡᠯ᠎ᠡ᠂   ᠡᠵᠡᠭᠦᠢ ᠠᠭᠤᠯᠠ ᠪᠠᠷ

     ᠡᠷᠡᠰᠯᠡᠨ ᠪᠠᠢ᠌ᠯᠳᠤᠭᠰᠠᠨ

ᠣᠯᠠᠭᠠᠨ ᠪᠣᠳᠠᠩ ᠤᠨ ᠠᠭᠤᠯᠠ ᠶᠢᠨ

ᠣᠨᠢᠶᠠᠷ ᠭᠦᠳᠡᠩ ᠨᠢ ᠠᠷᠢᠯᠤᠭᠠᠳᠤᠢ

ᠵᠠᠭᠤᠨ ᠮᠤᠳᠤ ᠶᠢᠨ ᠳᠠᠯᠠᠪᠣᠷ ᠤᠨ

ᠵᠠᠭᠤᠷᠠᠳᠤ ᠶᠢᠨ ᠰᠦᠨᠠᠰᠤ ᠨᠢ ᠶ‍ᠣᠢ᠌ᠯᠠᠭᠰᠠᠭᠠᠷ ᠁   

ᠰᠠᠨᠠᠭ᠎ᠠ ᠡᠴᠡ ᠳᠠᠷᠰᠯᠠᠨ

ᠰᠠᠳᠤᠨ ᠳᠦᠷᠤᠯ ᠭᠦᠷᠳᠡᠯ᠎ᠡ ᠰᠠᠯᠵᠤ ᠪᠣᠳᠠᠷᠠᠬᠤ ᠨᠢ ᠦᠦ

ᠳᠤᠨᠤᠢ ᠶᠢᠨ ᠠᠭᠤᠯᠠ ᠬᠠᠯᠬᠠᠭ᠎ᠠ ᠪᠣᠯᠤᠭᠰᠠᠨ ᠪᠣᠯᠤᠭᠠᠰᠠᠢ

ᠳᠤᠭᠠᠷ ᠠᠷᠠᠪᠳᠠᠨ

ᠬᠠᠮᠵᠢᠭ᠎ᠠ ᠦᠭ‍ᠭᠦᠭ᠍ᠰᠡᠨ ᠪᠣᠯᠤᠭᠠᠰᠠᠢ

ᠡᠩᠭᠡ ᠠᠮᠤᠭᠤᠯᠠᠩ ᠢ ᠡᠮᠤᠨ᠎ᠡ ᠪᠠᠨ ᠰᠥᠭᠦᠳᠭᠡᠵᠤ

ᠡᠩᠭᠡ ᠳᠠᠢ᠌ᠪᠣᠩ ᠡᠷᠭᠡ ᠴᠢᠯᠦᠭᠡ ᠶᠢ

     ᠡᠳ᠋ᠯᠡᠵᠤ ᠥᠵᠡᠭᠦ ᠶᠤᠮ ᠰᠠᠨ᠃   

ᠬᠠᠢ︕   

ᠬᠠᠢ᠌ᠷ᠎ᠠ ᠶᠢᠨ ᠵᠠᠪᠰᠢᠶᠠᠨ᠂   ᠬᠤᠪᠣᠷ ᠲᠤᠬᠢᠶᠠᠯ ᠢ

ᠬᠠᠨᠢ ᠬᠠᠮᠰᠠᠭᠠᠳᠠᠨ ᠳᠤ ᠪᠠᠨ ᠥᠭᠡᠢ᠌ᠭᠢᠭ᠍ᠳᠡᠭ᠍ᠰᠡᠨ

ᠬᠠᠷᠠᠮᠰᠠᠯᠳᠤ ᠣᠴᠢᠷ᠂   ᠬᠠᠷᠠᠰᠠᠯᠳᠤ ᠳᠡᠦᠭᠡ ᠡ

ᠬᠠᠢ᠂   ᠬᠠᠢ︕   

        


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1879
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ