ᠭᠦᠤ ᠳᠡᠭᠡᠨ ᠣᠩᠰᠢᠬᠤ ᠰᠢᠯᠦᠭ᠌
—ᠭᠦᠤ ᠭᠦᠰᠡᠯ ᠤᠨ ᠶᠢᠡᠨ ᠳᠤᠯᠤᠭᠠᠨ ᠨᠠᠰᠤᠨ ᠤ ᠣᠢ ᠳᠤ ᠵᠤᠷᠢᠭᠤᠯᠪᠠ

ᠮᠤᠷᠢᠨ ᠵᠢᠯ ᠤᠨ ᠭᠦᠭᠡᠭᠡ ᠰᠠᠷ᠎ᠠ

ᠮᠤᠷᠢᠳᠠᠨ ᠣᠭᠰᠠᠭ᠎ᠠ ᠶᠢᠨ ᠬᠣᠢ᠌ᠮᠤᠷ ᠡᠵᠡᠯᠡᠵᠤ

ᠡᠵᠢ ᠶᠢᠨ ᠶᠢᠡᠨ ᠭᠤᠪᠠᠢ᠌ᠬᠠᠨ ᠵᠢᠰᠤ ᠭᠤᠠᠳᠠᠭᠤᠯᠵᠤ

ᠡᠴᠢᠭᠡ ᠶᠢᠨ ᠶᠢᠡᠨ ᠬᠠᠯᠠᠭᠤᠨ ᠴᠢᠰᠤ ᠯᠤᠭᠰᠢᠭᠤᠯᠵᠤ

ᠠᠮᠢᠳᠤᠷᠠᠯ ᠬᠠᠢ᠌ᠷ᠎ᠠ ᠶᠢᠨ ᠮᠢᠨᠢ ᠦᠷ᠎ᠡ ᠪᠣᠯᠵᠤ

ᠠᠮᠢᠨ ᠬᠠᠢ᠌ᠷ᠎ᠠ ᠶᠢᠨ ᠮᠢᠨᠢ ᠪᠦᠪᠠᠢ ᠪᠣᠯᠵᠤ

ᠠᠯᠠᠭ ᠬᠤᠷᠸ᠎ᠠ ᠳᠤ

ᠳᠦᠷᠦᠭ᠍ᠰᠡᠨ ᠶᠤᠮ᠂ ᠴᠢ ᠮᠢᠨᠢ ︕


ᠭᠦᠮᠤᠨ ᠵᠤᠨ ᠤ ᠪᠠᠨ ᠳᠤᠮᠳᠠ

ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ

ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ

ᠭᠦᠤ ᠮᠢᠨᠢ ᠴᠢ ᠴᠡᠭᠡᠵᠢᠯᠡᠵᠤ ᠠᠪ ᠄

ᠠᠪᠣ ᠨᠢ ᠶᠠᠳᠠᠭᠤᠬᠠᠨ ᠪᠣᠯᠤᠭᠰᠠᠨ ᠶᠢᠡᠷ

ᠠᠳᠤᠭᠤᠨ ᠤ ᠪᠠᠨ ᠳᠤᠯᠤᠭᠠᠢ ᠪᠠᠷ ᠯᠠ

ᠭᠦᠷᠦᠩᠭᠡ ᠪᠠᠨ ᠭᠡᠮᠵᠢᠵᠤ ᠶᠠᠪᠣᠭᠰᠠᠨ ᠶᠤᠮ᠂

ᠠᠯᠳᠠᠷ ᠰᠤᠤᠳᠤ ᠳᠡᠭᠡᠳᠦᠰ ᠴᠢᠨᠢ

ᠠᠭᠳᠠ ᠶᠢᠨ ᠳᠤᠭᠤᠷᠠᠢ ᠪᠠᠷ

ᠳᠡᠯᠡᠭᠡᠢ ᠶᠢ ᠭᠡᠮᠵᠢᠵᠤ ᠶᠠᠪᠣᠭᠰᠠᠨ ᠭᠡᠯᠴᠡᠳᠡᠭ᠌ ︕

ᠳᠠᠷᠠ ᠡᠷᠡᠨ ᠳᠤ

ᠳᠡᠯᠢᠭᠦᠨ ᠪᠣᠯᠳᠤᠭ ᠡᠴᠡ ᠳᠦᠷᠦᠭ᠍ᠰᠡᠨ

ᠳᠠᠮᠤᠵᠢᠨ ᠭᠠᠭᠴᠠᠬᠠᠨ ᠪᠠᠢ᠌ᠵᠤ

ᠳᠡᠯᠡᠭᠡᠢ ᠶᠢᠨ ᠭᠠᠢ᠌ᠬᠠᠮᠰᠢᠭ ᠢ ᠡᠭᠦᠳᠦᠭ᠍ᠰᠡᠨ

ᠮᠤᠩᠭ᠋ᠤᠯ ᠭᠠᠭᠴᠠᠬᠠᠨ ᠪᠠᠢ᠌ᠭᠰᠠᠨ᠂

ᠡᠮᠨᠢᠭ᠌ ᠭᠦᠯᠦᠭ᠌ ᠤᠨ ᠶᠢᠡᠨ ᠳᠡᠩᠭᠡᠭᠡ ᠪᠠᠷ

ᠭᠦᠷᠦᠰᠦᠳᠤ ᠶᠢᠨ ᠵᠠᠢ ᠶᠢ ᠠᠪᠴᠢᠭᠠᠵᠤ

ᠡᠷ᠎ᠡ ᠣᠬᠠᠭᠠᠨ ᠤ ᠪᠠᠨ ᠳᠡᠩᠭᠡᠭᠡ ᠪᠠᠷ

ᠭᠦᠮᠤᠨ ᠤ ᠵᠠᠢ ᠶᠢ ᠣᠢ᠌ᠷᠠᠳᠤᠭᠤᠯᠤᠭᠰᠠᠨ ᠁

ᠳᠡᠭᠦᠨ ᠡᠴᠡ ᠬᠣᠢ᠌ᠰᠢ

ᠲᠦᠷᠦ ᠭᠦᠷᠤᠨ ᠣᠯᠠᠷᠢᠭᠰᠠᠨ ᠴᠤ

ᠳᠡᠭ᠍ᠷᠢᠯᠢᠭ᠌ ᠣᠭᠰᠠᠭᠠᠨ ᠤ ᠭᠦᠭᠡ ᠴᠢᠰᠤ

ᠵᠥᠪᠭᠡᠨ ᠮᠤᠩᠭ᠋ᠤᠯ ᠳᠤ ᠯᠠ ᠣᠷᠤᠰᠤᠭᠰᠠᠨ ᠶᠤᠮ ︕


ᠭᠦᠮᠤᠨ ᠵᠤᠨ ᠤ ᠪᠠᠨ ᠳᠤᠮᠳᠠ

ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ

ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ

ᠭᠦᠤ ᠮᠢᠨᠢ ᠴᠢ ᠴᠡᠭᠡᠵᠢᠯᠡᠵᠤ ᠠᠪ ᠄

ᠠᠪᠣ ᠨᠢ ᠶᠠᠷᠤ ᠣᠴᠢᠷᠯᠠᠵᠤ ᠪᠠᠢ᠌ᠳᠠᠭ

ᠠᠯᠢᠪᠠ ᠶᠢ ᠮᠡᠳᠡᠭ᠍ᠰᠡᠨ ᠮᠡᠷᠭᠡᠨ ᠪᠢᠰᠢ ᠴᠤ

ᠠᠭᠤᠤ ᠮᠤᠩᠭ᠋ᠤᠯ ᠤᠨ ᠶᠢᠡᠨ ᠪᠠᠶᠠᠨ ᠦᠪ ᠡᠴᠡ

ᠠᠮᠢᠳᠤᠷᠠᠬᠤ ᠶᠢᠨ ᠣᠬᠠᠭᠠᠨ ᠢ ᠮᠡᠳᠡᠭ᠍ᠰᠡᠨ ᠶᠤᠮ ᠰᠢᠤ


—ᠡᠷ᠎ᠡ ᠶ‍ᠭᠤᠨ ᠳᠤ ᠥᠰᠳᠡᠭ᠌ ᠢ

ᠢᠰᠡᠭᠡᠢ ᠶᠠᠭᠠᠭᠢᠭᠠᠤᠨ ᠰᠤᠠᠳᠠᠭ ᠢ

ᠭᠦᠮᠤᠨ ᠶᠠᠭᠤᠨ ᠳᠤ ᠣᠶᠠᠷᠠᠳᠠᠭ ᠢ

ᠭᠦᠯᠦᠭ᠌ ᠶᠠᠭᠠᠭᠢᠭᠠᠤᠨ ᠥᠣᠷᠰᠡᠳᠡᠭ᠌ ᠢ

ᠶᠠᠰᠤ ᠶᠠᠭᠤᠨ ᠳᠤ ᠬᠤᠭᠤᠷᠠᠳᠠᠭ ᠢ

ᠶᠠᠷ᠎ᠠ ᠶᠠᠭᠠᠭᠢᠭᠠᠤᠨ ᠡᠪᠠᠦᠡᠳᠡᠭ᠌ ᠢ ᠁


ᠭᠦᠮᠤᠨ ᠵᠤᠨ ᠤ ᠪᠠᠨ ᠳᠤᠮᠳᠠ

ᠡᠷ᠎ᠡ ᠶᠢᠨ ᠵᠤᠯᠪᠣᠭᠠᠳᠠᠢ ᠶᠠᠪᠣᠬᠤ ᠶᠢᠨ ᠣᠴᠢᠷ

ᠭᠦᠭᠡ ᠮᠤᠩᠭ᠋ᠤᠯ ᠤᠨ ᠴᠢᠰᠤ ᠶᠤᠮ ᠬᠣᠢ᠌ᠨ᠎ᠠ

ᠭᠦᠤ ᠮᠢᠨᠢ ᠴᠢ ᠴᠡᠭᠡᠵᠢᠯᠡᠵᠤ ᠠᠪ ᠄

ᠡᠷ᠎ᠡ ᠪᠠᠷ ᠡᠷ᠎ᠡ ᠶᠢ ᠣᠯᠳᠠᠭ ᠤᠨ ᠣᠴᠢᠷ ᠲ᠋ᠠᠢ ᠴᠤ

ᠡᠷᠳᠡᠮ ᠶᠢᠡᠷ ᠶ‍ᠢᠷᠳᠢᠠᠴᠤ ᠶᠢ ᠣᠯᠳᠠᠭ ᠤᠨ ᠬᠣᠢ᠌ᠨ᠎ᠠ

ᠳᠡᠭ᠍ᠷᠢᠯᠢᠭ᠌ ᠣᠭᠰᠠᠭᠠᠨ ᠤ ᠴᠢᠰᠤ ᠶᠤᠮ ᠪᠣᠯ

ᠵᠥᠪᠭᠡᠨ ᠮᠤᠩᠭ᠋ᠤᠯ ᠳᠠᠭᠠᠨ ᠯᠠ ᠭᠡᠵᠤ ᠯᠤᠭᠰᠢᠳᠠᠭ ᠰᠢᠤ ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1822
ᠴᠠᠭ᠄ 2010 ᠤᠨ ᠤ 01 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ