ᠢᠯᠭᠠᠭ᠎ᠠ ᠪᠣᠶᠤ ᠵᠦᠷᠢᠶ᠎ᠠ

ᠳᠡᠯᠡᠭᠡᠢ ᠳᠡᠭᠡᠷ᠎ᠡ ᠢᠯᠭᠠᠭ᠎ᠠ ᠲᠡᠶ ᠵᠦᠷᠢᠶ᠎ᠠ ᠲᠡᠶ ᠵᠣᠢ᠌ᠯᠠᠰ ᠪᠠᠢ᠌ᠬᠤ ᠯᠠ᠃ ᠭᠡᠷᠡᠭ᠌ ᠪᠣᠳᠠᠰ ᠬᠠᠷᠢᠯᠴᠠᠨ ᠵᠡᠷᠭᠡᠴᠡᠨ ᠣᠷᠤᠰᠢᠵᠤ ᠪᠠᠢ᠌ᠳᠠᠭ ᠯᠠ ᠶᠤᠮ ᠪᠣᠯ᠂ ᠢᠯᠭᠠᠭ᠎ᠠ ᠲᠡᠶ ᠵᠦᠷᠢᠶ᠎ᠠ ᠲᠡᠶ ᠵᠣᠢ᠌ᠯᠠᠰ ᠣᠷᠤᠰᠢᠨ᠎ᠠ᠃ ᠡᠨᠡ ᠪᠣᠯ ᠶᠠᠷᠳᠢᠠᠴᠤ ᠶᠢᠨ ᠵᠢᠮ᠎ᠠ ᠶᠤᠰᠤ ᠭᠡᠷᠡᠭ᠌ ᠪᠣᠳᠠᠰ ᠤᠨ ᠣᠷᠤᠰᠢᠯ ᠳᠤᠭᠳᠠᠨᠢᠯ᠃ ᠭᠡᠷᠪᠡ ᠶᠠᠮᠠᠷ ᠨᠢᠭᠡᠨ ᠶᠠᠭᠤᠮ᠎ᠠ ᠨᠢ ᠨᠥᠭᠦᠭᠡ ᠨᠢᠭᠡ ᠵᠣᠢ᠌ᠯᠠᠰ ᠤᠨ ᠶᠠᠭᠤᠮ᠎ᠠ ᠡᠴᠡ ᠪᠠᠨ ᠦᠴᠦᠭᠡᠨ ᠴᠤ ᠢᠯᠭᠠᠭ᠎ᠠ ᠵᠦᠷᠢᠶ᠎ᠠ ᠦᠭᠡᠶ ᠪᠣᠯᠴᠢᠠᠭᠯ᠎ᠠ ᠭᠡᠪᠠᠯ᠂ ᠡᠨᠡ ᠶᠠᠭᠤᠮ᠎ᠠ ᠨᠢ ᠡᠨᠡ ᠨᠢᠭᠡ ᠵᠣᠢ᠌ᠯ ᠤᠨ ᠶᠠᠭᠤᠮ᠎ᠠ ᠪᠢᠰᠢ᠂ ᠬᠠᠷᠢᠨ ᠳᠠᠷᠠ ᠨᠢᠭᠡ ᠵᠣᠢ᠌ᠯ ᠤᠨ ᠶᠠᠭᠤᠮ᠎ᠠ ᠪᠣᠯᠴᠢᠬᠠᠭᠰᠠᠨ ᠭᠡᠷᠡᠭ᠌ ᠪᠣᠯᠬᠤ ᠪᠠᠢ᠌ᠬ᠎ᠠ᠃ ᠡ᠊ᠨᠳᠡ ᠬᠤᠶᠠᠷ ᠵᠣᠢ᠌ᠯ ᠤᠨ ᠶᠠᠭᠤᠮᠠᠨ ᠤ ᠢᠯᠭᠠᠭ᠎ᠠ ᠪᠣᠶᠤ ᠵᠦᠷᠢᠶ᠎ᠠ ᠡᠴᠡ ᠭᠡᠳᠤ ᠶᠢ ᠶᠠᠷᠢᠳᠤᠭᠠᠢ︕

    1. ᠭᠢᠳᠠᠯ ᠦᠭᠡᠶ ᠭᠦᠮᠤᠨ ᠭᠢᠭᠡᠳ ᠶᠠᠭᠠᠷᠠᠤ ᠭᠦᠮᠤᠨ᠄

    ᠭᠢᠳᠠᠯ ᠦᠭᠡᠶ ᠭᠦᠮᠤᠨ ᠪᠣᠯ ᠴᠠᠭ ᠦᠶ᠎ᠡ ᠶᠢ ᠰᠤᠨᠢᠷᠬᠠᠨ ᠠᠵᠢᠭᠴᠢ᠃ ᠶᠠᠭᠠᠷᠠᠤ ᠭᠦᠮᠤᠨ ᠪᠣᠯ ᠴᠠᠭ ᠦᠶ᠎ᠡ ᠶᠢ ᠡᠵᠡᠷᠭᠡᠨ ᠰᠥᠢᠦᠡᠭᠡᠭ᠍ᠴᠢ᠃

    2. ᠵᠠᠷᠴᠢᠮ ᠪᠣᠶᠤ ᠠᠵᠢᠯᠯᠠᠭ᠎ᠠ᠄

    ᠵᠠᠷᠴᠢᠮ ᠳᠡᠭᠡᠷ᠎ᠡ ᠪᠠᠨ ᠴᠥᠭᠡᠩᠭᠢ ᠳᠤᠭ᠎ᠠ ᠨᠢ ᠣᠯᠠᠩᠭᠢ ᠳᠤᠭ᠎ᠠ ᠪᠠᠨ ᠳᠠᠭᠠᠳᠠᠭ᠃ ᠭᠡᠳᠡᠯ᠎ᠡ ᠣᠳᠤ ᠬᠠᠷᠢᠨ ᠠᠵᠢᠯᠯᠠᠭ᠎ᠠ ᠳᠡᠭᠡᠷ᠎ᠡ ᠪᠠᠨ ᠣᠯᠠᠩᠭᠢ ᠳᠤᠭ᠎ᠠ ᠨᠢ ᠴᠥᠭᠡᠩᠭᠢ ᠳᠤᠭ᠎ᠠ ᠪᠠᠨ ᠳᠠᠭᠠᠬᠤ ᠪᠣᠯᠪᠠ᠃

    3. ᠲᠤᠬᠢᠶᠠᠯ ᠪᠣᠶᠤ ᠡᠷᠭᠡ ᠮᠠᠳᠠᠯ ᠄

    ᠵᠠᠷᠢᠮ ᠭᠦᠮᠤᠨ᠄ 《ᠣᠯᠠᠨ ᠤ ᠡᠮᠤᠨ᠎ᠡ ᠭᠠᠷᠬᠤ ᠲᠤᠬᠢᠶᠠᠯ ᠦᠭᠡᠶ ᠡᠴᠡ ᠠᠶᠤᠬᠤ ᠦᠭᠡᠶ᠃ ᠭᠠᠭᠴᠠᠬᠦ ᠡᠷᠭᠡ ᠮᠠᠳᠠᠯ ᠦᠭᠡᠶ ᠡᠴᠡ ᠠᠶᠤᠨ᠎ᠠ》 ᠭᠡᠵᠤ ᠶᠠᠷᠢᠳᠠᠭ᠃

    4. ᠭᠦᠮᠤᠨ ᠴᠢᠨᠠᠷ ᠪᠣᠶᠤ ᠠᠳᠤᠭᠤᠰᠤᠨ ᠴᠢᠨᠠᠷ᠄

    ᠭᠦᠮᠤᠨ ᠴᠢᠨᠠᠷ ᠲᠡᠶ ᠠᠳᠤᠭᠤᠰᠤ ᠠᠮᠢᠳᠠᠨ ᠪᠣᠯᠭᠠᠨ ᠤ ᠮᠢᠬ᠎ᠠ ᠶᠢ ᠢᠳᠡᠳᠡᠭ᠌ ᠦᠭᠡᠶ᠃ ᠠᠳᠤᠭᠤᠰᠤᠨ ᠴᠢᠨᠠᠷ ᠲᠡᠶ ᠭᠦᠮᠤᠨ ᠯᠠ ᠠᠮᠢᠳᠠᠨ ᠪᠣᠯᠭᠠᠨ ᠤ ᠮᠢᠬ᠎ᠠ ᠶᠢ ᠢᠳᠡᠳᠡᠭ᠌᠃

    5. ᠰᠠᠯᠭᠢ ᠥᠯᠢᠶᠡᠭᠦ ᠪᠣᠶᠤ ᠴᠡᠴᠡᠭ᠌ ᠵᠤᠯᠭᠠᠷᠠᠬᠤ᠄

    ᠶᠠᠮᠠᠷ ᠭᠤᠶᠤ ᠷᠤᠮᠠᠠᠲ᠋ᠭ ᠰᠠᠯᠭᠢ ᠪᠣᠯᠤᠭᠰᠠᠨ ᠴᠤ᠂ ᠦᠯᠢᠶᠠᠵᠤ ᠣᠨᠠᠭᠠᠭᠰᠠᠨ (ᠢᠯᠭᠠᠷᠠᠭᠤᠯᠤᠭᠰᠠᠨ) ᠴᠡᠴᠡᠭ᠌ ᠶᠢᠡᠨ ᠳᠠᠭᠢᠨ ᠠᠮᠢᠯᠠᠭᠤᠯᠤᠨ ᠰᠡᠷᠭᠦᠭᠡᠵᠤ ᠴᠢᠳᠠᠳᠠᠭ ᠦᠭᠡᠶ᠃

    6. ᠴᠢᠯᠠᠭᠤ ᠪᠣᠶᠤ ᠠᠯᠳᠠ᠄

    ᠴᠢᠯᠠᠭᠤ ᠶᠢ ᠪᠣᠯᠠᠪᠠᠯ᠂ ᠭᠠᠷᠴᠤ ᠢᠷᠠᠨ᠎ᠠ ᠭᠡᠳ ᠭᠠᠵᠠᠷ ᠳᠡᠭ᠍ᠷᠢ ᠡᠴᠡ ᠠᠪᠣᠷᠠᠯ ᠡᠷᠢᠨ ᠭᠤᠶᠤᠳᠠᠭ᠃ ᠠᠯᠳᠠ ᠶᠢ ᠠᠮᠢᠳᠤ ᠪᠣᠯᠠᠪᠠᠯ᠂ ᠠᠳᠠᠪᠠᠰᠢ ᠶᠡᠭᠡ ᠪᠠᠶᠠᠷ ᠪᠠᠬᠠᠳᠤᠯ ᠪᠣᠯᠳᠠᠭ᠃ ᠣᠴᠢᠷ ᠨᠢ᠂ ᠴᠢᠯᠠᠭᠤ ᠪᠣᠯᠠᠭᠳᠠᠬᠤ ᠳᠤᠳᠤᠮ ᠪᠣᠳᠠᠳᠠᠢ ᠣᠢ᠌ᠯᠠᠳᠤᠯ ᠶᠢᠡᠨ ᠠᠯᠳᠠᠳᠠᠭ ᠠᠯᠳᠠ ᠪᠣᠯᠠᠭᠳᠠᠬᠤ ᠳᠤᠳᠤᠮ ᠪᠣᠯᠪᠠᠰᠤᠷᠠᠨ ᠳᠤᠩᠭ᠋ᠠᠯᠠᠭᠰᠢᠳᠠᠭ᠃

    7. ᠣᠢ᠌ᠮᠤᠰᠤ ᠪᠣᠶᠤ ᠭᠦᠯ᠄

    ᠭᠦᠯ ᠦᠪᠡᠷ ᠤᠨ ᠥᠮᠡᠭᠡᠢ ᠪᠠᠨ ᠭᠡᠵᠢᠶᠡᠳᠡ ᠣᠢ᠌ᠮᠤᠰᠤ ᠶᠢᠨ ᠮᠠᠭᠤ ᠡᠴᠡ ᠡᠷᠢᠨ᠎ᠡ᠃

    8. ᠰᠢᠪᠠᠷ ᠪᠠᠯᠴᠢᠭ ᠪᠣᠶᠤ ᠰᠤᠷᠭᠤᠭ ᠴᠡᠴᠡᠭ᠌᠄

   ᠰᠤᠷᠭᠤᠭ ᠴᠡᠴᠡᠭ᠌ ᠢ ᠥᠮᠡᠭᠡᠢ ᠪᠣᠯᠭᠠᠭᠰᠠᠨ ᠰᠢᠪᠠᠷ ᠪᠠᠯᠴᠢᠭ ᠭᠡᠵᠤ ᠪᠠᠢ᠌ᠳᠠᠭ ᠦᠭᠡᠶ᠃ ᠰᠢᠪᠠᠷ ᠪᠠᠯᠴᠢᠭ ᠢ ᠭᠤᠶᠤ ᠪᠣᠯᠭᠠᠭᠰᠠᠨ ᠰᠤᠷᠭᠤᠭ ᠴᠡᠴᠡᠭ᠌ ᠭᠡᠵᠤ ᠴᠤ ᠪᠠᠢ᠌ᠳᠠᠭ ᠦᠭᠡᠶ᠃

    9. ᠬᠠᠮᠠᠷ ᠪᠣᠶᠤ ᠬᠠᠴᠠᠷ ᠄

    ᠬᠠᠮᠠᠷ ᠬᠠᠮᠢᠭ᠎ᠠ ᠶᠠᠭᠠᠭᠢᠵᠤ ᠣᠷᠭᠤᠭᠰᠠᠨ ᠶᠢᠡᠨ ᠭᠡᠵᠢᠶᠡᠳᠡ ᠣᠯᠵᠤ ᠬᠠᠷᠠᠳᠠᠭ ᠦᠭᠡᠶ᠃ ᠬᠠᠷᠢᠨ ᠬᠠᠴᠠᠷ ᠢ ᠬᠤᠶᠠᠷ ᠳᠠᠯ᠎ᠠ ᠳᠤ ᠮᠢᠨᠢ ᠯᠠᠭᠯᠠᠢ᠌ᠵᠤ ᠰᠠᠭᠤᠴᠢᠬᠠᠭᠠᠤᠨ ᠬᠠᠷᠠᠭ᠎ᠠ ᠶᠢ ᠬᠠᠯᠬᠠᠯᠠᠵᠤ ᠶᠠᠭᠤ ᠴᠤ ᠣᠯᠵᠤ ᠥᠵᠡᠭᠦᠯᠦᠭ᠍ᠰᠡᠨ ᠦᠭᠡᠶ ᠭᠡᠵᠤ ᠥᠭᠦᠯᠡᠳᠡᠭ᠌᠃

    10. ᠠᠭᠤᠤ ᠶᠡᠭᠡ ᠭᠦᠮᠤᠨ ᠪᠣᠶᠤ ᠦᠴᠦᠭᠡᠨ ᠭᠦᠮᠤᠨ

    ᠠᠭᠤᠤ ᠶᠡᠭᠡ ᠭᠦᠮᠤᠨ ᠣᠯᠵᠤ ᠬᠠᠷᠠᠭᠰᠠᠨ ᠶᠠᠭᠤᠮ᠎ᠠ ᠪᠣᠯᠭᠠᠨ ᠶᠢᠡᠨ ᠳᠠᠢ᠌ᠮᠤ ᠠᠮᠠᠷᠬᠠᠨ ᠭᠢᠯᠪᠠᠷᠬᠠᠨ ᠭᠡᠯᠡᠳᠡᠭ᠌ ᠦᠭᠡᠶ᠃ ᠦᠴᠦᠭᠡᠨ ᠭᠦᠮᠤᠨ ᠯᠠ ᠦᠪᠡᠷ ᠤᠨ ᠭᠦᠮᠤᠨ ᠤ ᠭᠢ ᠶᠢ ᠳᠤᠩᠭ᠋ᠠᠭᠠᠯ ᠦᠭᠡᠶ ᠡᠳᠦᠷᠵᠢᠨ ᠡᠨᠡ ᠳᠠᠷᠠ ᠭᠡᠵᠤ ᠱᠤᠪᠣᠭᠠᠨᠠᠳᠠᠭ᠃


           2010.12.04 ᠤ ᠦᠳᠡᠰᠢ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 3990
ᠴᠠᠭ᠄ 2010 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
 1. [ ᠥᠭᠥᠯᠡᠯ ᠰᠢᠭᠦᠮᠵᠢ ]ᠲᠡᠨᠡᠭ ᠬᠦᠮᠦᠨ ᠤ ᠡᠳᠦᠷ ᠤᠨ ᠲᠡᠮᠳᠡᠭᠯᠡᠯ

  ᠲᠠᠩᠨᠤᠳ ᠬᠠᠢ᠌ᠬᠤ2012-09-13

 2. [ ᠥᠭᠥᠯᠡᠯ ᠰᠢᠭᠦᠮᠵᠢ ]ᠰᠤᠶᠤᠯ ᠤᠨ ᠪᠠᠯᠠᠢ᠌ᠷᠠᠯ

  ᠯᠢ ᠲᠢᠶᠠᠨ ᠰᠢ2012-10-17

 3. [ ᠥᠭᠥᠯᠡᠯ ᠰᠢᠭᠦᠮᠵᠢ ]ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠲᠠᠷᠢ᠍ᠶ‍ᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠬᠤᠭᠤᠷ ᠤᠨ ᠦᠯᠢ᠍ᠭᠡᠷ ᠦᠨ ᠡᠭᠦᠰᠦᠯ ᠪᠦᠷᠢ᠍ᠯᠳ᠋ᠦᠯ ᠤᠨ ᠲᠤᠬᠠᠢ ᠨᠢ᠍ᠭᠡ ᠵᠦ᠋ᠢ᠍ᠯ ᠦᠨ ᠮᠠᠭᠠᠳᠯᠠᠯ

  ᠪᠣᠶᠠᠨᠲᠤᠭᠲᠠᠬᠤ2015-05-13

 4. [ ᠥᠭᠥᠯᠡᠯ ᠰᠢᠭᠦᠮᠵᠢ ]ᠭᠡᠮᠰᠢᠯ ᠤᠬᠠᠭᠠᠷᠠᠯ

  ᠪᠠᠶᠠᠭᠤᠳ·ᠬᠠᠰ2012-06-17

 5. [ ᠥᠭᠥᠯᠡᠯ ᠰᠢᠭᠦᠮᠵᠢ ]ᠵᠠᠷᠤᠳ ᠤᠨ ᠭᠠᠵᠠᠷ ᠣᠰᠤᠨ ᠤ ᠨᠠᠷ᠎ᠠ ᠶᠢᠨ ᠰᠤᠶᠤᠯ ᠰᠡᠳᠭᠢᠭᠦᠢ

  ᠨᠠᠷᠠᠠᠳᠤᠶᠠᠭ᠎ᠠ2011-12-18

 6. [ ᠥᠭᠥᠯᠡᠯ ᠰᠢᠭᠦᠮᠵᠢ ]ᠰᠤᠷᠭᠠᠨ ᠬᠦᠮᠦᠵᠢᠯ ᠤᠨ ᠬᠠᠭᠤᠷᠮᠠᠭ

  ᠵᠠᠢ᠌ᠳᠠᠩᠴᠢᠨ2012-09-01

 7. [ ᠥᠭᠥᠯᠡᠯ ᠰᠢᠭᠦᠮᠵᠢ ]ᠬᠡᠦᠬᠡᠳ ᠲᠤ ᠳᠤᠯᠭᠠᠷᠠᠵᠤ ᠪᠠᠢ᠌ᠭ᠎ᠠ ᠭᠡᠳᠤᠨ ᠠᠰᠠᠭᠤᠳᠠᠯ

  ᠠᠽᠢᠶ᠎ᠠ2014-02-21

 8. [ ᠥᠭᠥᠯᠡᠯ ᠰᠢᠭᠦᠮᠵᠢ ]ᠴᠡᠪᠡᠷ ᠰᠢᠷᠭᠠᠭᠠᠮᠠᠯ ᠬᠡᠯᠡ ᠬᠡᠯᠡᠯᠭᠡ᠂ ᠴᠡᠯᠮᠡᠭ ᠰᠠᠷᠠᠭᠤᠯ ᠤᠶᠤᠨᠴᠢ ᠪᠢᠰᠢᠯᠭᠠᠯ

  ᠯ·ᠤᠳᠤᠨ2012-01-03

ᠬᠠᠮᠤᠭ ᠤᠨ ᠰᠢᠨ᠎ᠡ
 1. [ ᠥᠭᠥᠯᠡᠯ ᠰᠢᠭᠦᠮᠵᠢ ]ᠬᠡᠦᠬᠡᠳ ᠢ ᠬᠠᠪᠰᠤᠷᠴᠤ ᠰᠦᠯᠵᠢᠶ᠎ᠡ ᠶᠢᠨ ᠰᠢᠨᠤᠯ ᠡᠴᠡ ᠠᠪᠤᠷᠠᠬᠤ ᠬᠡᠷᠡᠭᠲᠡᠢ

  ᠸ·ᠠᠭᠤᠯᠠ2017-03-24

 2. [ ᠥᠭᠥᠯᠡᠯ ᠰᠢᠭᠦᠮᠵᠢ ]ᠥᠪᠥᠷ ᠮᠣᠩᠭ᠋ᠣᠯ ᠤᠨ ᠵᠡᠭᠦᠨ ᠬᠡᠰᠡᠭ᠌ ᠣᠷᠣᠨ ᠳ᠋ᠥ ᠬᠢ ᠲᠠᠷᠢ᠍ᠶ‍ᠠᠯᠠᠬᠤ ᠲᠣᠰᠬᠤᠨ ᠤ ᠪᠦᠷᠢ᠍ᠯᠳ᠋ᠦᠯ ᠬᠢᠭᠡᠳ ᠬᠤᠭᠤᠷ ᠤᠨ ᠦᠯᠢ᠍ᠭᠡᠷ ᠦᠨ ᠡᠭᠦᠰᠦᠯ ᠪᠦᠷᠢ᠍ᠯᠳ᠋ᠦᠯ ᠤᠨ ᠲᠤᠬᠠᠢ ᠨᠢ᠍ᠭᠡ ᠵᠦ᠋ᠢ᠍ᠯ ᠦᠨ ᠮᠠᠭᠠᠳᠯᠠᠯ

  ᠪᠣᠶᠠᠨᠲᠤᠭᠲᠠᠬᠤ2015-05-13

 3. [ ᠥᠭᠥᠯᠡᠯ ᠰᠢᠭᠦᠮᠵᠢ ]ᠰᠤᠨᠢᠷᠬᠠᠯ ᠭᠦᠡᠳᠡᠭ᠍ᠰᠡᠨ ᠭᠤᠷᠪᠠᠨ ᠰᠢᠯᠦᠭ᠌

  ᠯ·ᠣᠳᠤᠨ2014-05-09

 4. [ ᠥᠭᠥᠯᠡᠯ ᠰᠢᠭᠦᠮᠵᠢ ]ᠰᠤᠨᠢᠷᠬᠠᠯ ᠬᠦᠨᠳᠡᠭᠰᠡᠨ ᠭᠤᠷᠪᠠᠨ ᠰᠢᠯᠦᠭ

  ᠯ·ᠤᠳᠤᠨ2014-05-09

 5. [ ᠥᠭᠥᠯᠡᠯ ᠰᠢᠭᠦᠮᠵᠢ ]ᠬᠡᠦᠬᠡᠳ ᠲᠤ ᠳᠤᠯᠭᠠᠷᠠᠵᠤ ᠪᠠᠢ᠌ᠭ᠎ᠠ ᠭᠡᠳᠤᠨ ᠠᠰᠠᠭᠤᠳᠠᠯ

  ᠠᠽᠢᠶ᠎ᠠ2014-02-21

 6. [ ᠥᠭᠥᠯᠡᠯ ᠰᠢᠭᠦᠮᠵᠢ ]《ᠳᠡᠭᠡᠳᠤ ᠮᠤᠩᠭ᠋ᠤᠯ ᠢᠷᠠᠭᠤ ᠨᠠᠢ᠌ᠷᠠᠭ》 ᠊ᠢ ᠡᠯ᠎ᠡ ᠴᠠᠭ ᠦᠶ᠎ᠡ ᠶᠢᠨ ᠬᠠᠷᠠᠭᠠᠰᠤ ᠡᠴᠡ ᠠᠪᠤᠨ ᠰᠢᠡᠵᠢᠭᠦ ᠨᠢ

  ᠯ·ᠣᠳᠤᠨ2013-06-09

 7. [ ᠥᠭᠥᠯᠡᠯ ᠰᠢᠭᠦᠮᠵᠢ ]ᠨᠠ᠊·ᠳᠡᠯᠭᠡᠷ ᠭᠤᠸᠠᠢ ᠪᠤᠶᠤ ᠲᠡᠭᠦᠨ ᠤ ᠬᠡᠪᠯᠡᠭᠦᠯᠦᠭᠰᠡᠨ ᠨᠤᠮ ᠤᠳ

  ᠭᠦᠷᠵᠠᠪ2013-01-17

 8. [ ᠥᠭᠥᠯᠡᠯ ᠰᠢᠭᠦᠮᠵᠢ ]ᠰᠡᠷᠡᠩᠳᠤᠸ᠎ᠠ ᠪᠤᠶᠤ 《 ᠮᠢᠨᠦ ᠠᠷᠠᠯᠵᠢᠶ᠎ᠠ ᠬᠤᠳᠠᠯᠳᠤᠭᠠᠨ ᠤ ᠭᠤᠴᠢᠨ ᠵᠢᠯ》

  ᠭᠦᠷᠵᠠᠪ2013-01-17

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁