ᠠᠮᠢᠳᠠᠢ ᠶᠢᠨ ᠬᠤᠶᠠᠷ

ᠠᠮᠢᠳᠠᠢ ᠶᠢᠨ ᠬᠠᠠᠵᠤᠨ ᠳᠡᠭᠡᠷ᠎ᠡ

ᠠᠭᠰᠠᠭ᠎ᠠ ᠳᠠᠭᠰᠢᠭᠤᠷ ᠳᠠᠢ

ᠨᠢᠭᠡᠨ ᠡᠪᠦᠭᠡᠨ

ᠠᠷᠠᠢ ᠭᠡᠵᠤ

ᠴᠠᠴᠠᠷᠠᠵᠤ ᠰᠠᠷᠪᠠᠭᠠᠨᠠᠨ

ᠳᠤᠰᠤᠨ ᠳ᠋ᠸᠩ ᠶᠢᠡᠨ ᠨᠤᠴᠤᠭᠠᠯ᠎ᠠ᠃

ᠠᠮᠢᠳᠠᠢ ᠶᠢᠨ ᠭᠦᠰᠡᠷ ᠲ᠋ᠡᠭᠡᠷ᠎ᠡ

ᠠᠷᠭᠠᠯᠢ ᠶᠢᠨ ᠦᠨᠳᠦᠷ ᠪᠠᠶ᠎ᠠ ᠳᠠᠢ

ᠠᠯᠠᠭ ᠦᠭᠡᠶ ᠴᠠᠭᠠᠨ ᠰᠠᠬ᠎ᠠ

ᠠᠮᠳᠠᠳᠠᠢ᠌ᠬᠠᠨ ᠭᠡᠪᠢᠨ ᠭᠡᠪᠳᠡᠨ᠎ᠡ᠃

ᠡᠪᠦᠭᠡᠨ

ᠬᠠᠨᠢᠶᠠᠳᠤ ᠪᠠᠨ ᠨᠠᠮᠳᠠᠭᠠᠤᠨ

ᠪᠦᠳᠡᠭᠢ ᠳ᠋ᠸᠩ ᠤᠨ ᠭᠡᠷᠡᠯ ᠳ᠋ᠤ

ᠮᠤᠳᠤᠨ ᠠᠶᠠᠭᠠᠨ ᠳ᠋ᠠᠭᠠᠨ

ᠬᠠᠭᠤᠷᠠᠭᠰᠠᠨ ᠠᠮᠤ ᠪᠠᠨ

ᠠᠳᠬᠤᠯᠠᠨ ᠬᠢᠭᠡᠳ

ᠦᠨᠵᠢᠵᠤ ᠭᠦᠷᠦᠭ᠍ᠰᠡᠨ

ᠦᠳᠭᠡᠨ ᠬᠠᠷ᠎ᠠ ᠴᠠᠢ ᠪᠠᠨ

ᠢᠷᠤᠭᠠᠯ ᠢ ᠨᠢ ᠭᠠᠷᠭᠠᠳᠠᠯ᠎ᠠ ᠭᠡᠭᠡᠯ᠎ᠡ᠃



ᠡᠪᠦᠭᠡᠨ

ᠬᠠᠨᠠᠨ ᠳᠤ ᠳᠦᠰᠢᠭᠦᠯᠭᠡᠳᠡᠢ

ᠬᠠᠢ᠌ᠯᠠᠰᠤᠨ ᠮᠤᠳᠤᠨ

ᠳᠠᠶᠠᠭ ᠶᠢᠡᠨ ᠳᠤᠯᠤᠨ

ᠣᠷᠤᠨ ᠡᠴᠠ ᠪᠠᠨ ᠦᠨᠳᠠᠢ᠌ᠨ

ᠬᠤᠩ ᠶᠢᠡᠨ ᠬᠠᠭᠤᠷᠠᠢ᠌ᠯᠠᠭᠠᠤᠨ

ᠠᠢ ᠳ᠋ᠠ ︕ ᠭᠡᠳ

ᠣᠷᠤᠯᠭ᠎ᠠ ᠶᠢᠨ ᠶᠡᠭᠡ ᠰᠠᠬ᠎ᠠ ᠶᠢ ᠬᠠᠷᠠᠵᠤ

ᠣᠯᠠᠨ ᠠᠷᠪᠢᠨ ᠶᠠᠭᠤᠮ᠎ᠠ ᠲᠦᠳᠦᠨᠡᠨ᠎ᠡ

ᠦᠷᠯᠦᠭᠡ ᠪᠣᠰᠬᠤ ᠳ᠋ᠤ

ᠰᠦᠨ ᠳᠠᠯᠬ᠎ᠠ ᠲᠡᠶ ᠭᠤᠯᠢᠷ

ᠦᠳᠡ ᠪᠣᠯᠬᠤ ᠳ᠋ᠤ

ᠥᠡᠳᠡᠭᠡ ᠲᠡᠶ ᠴᠠᠭᠠᠨ ᠪᠣᠳᠠᠭ᠎ᠠ

ᠦᠳᠡᠰᠢ ᠣᠠᠳᠠᠬᠤ ᠳ᠋ᠤ

ᠪᠠᠯ ᠲᠡᠶ ᠵᠤᠳᠠᠩ ᠣᠤᠭᠤᠬᠤ ᠳ᠋ᠠᠭᠠᠨ

ᠰᠦᠨ ᠳᠠᠯᠬ᠎ᠠ ᠡᠴᠠ

ᠱᠠᠭ᠎ᠠ ᠴᠢᠨᠡᠭᠡᠨ ᠴᠤ ᠬᠤᠪᠢᠶᠠᠯᠴᠠᠬᠤ ᠥᠭᠡᠢ

ᠬᠠᠷᠢᠨ

ᠬᠠᠷ᠎ᠠ ᠴᠠᠢ

ᠬᠠᠭᠤᠷᠠᠭᠰᠠᠨ ᠠᠮᠤ

ᠬᠠᠳᠠᠭᠰᠠᠨ ᠪᠣᠭᠤᠷᠰᠤᠭ ᠢ

ᠪᠣᠯᠢᠶᠠᠵᠤ ᠢᠳᠡᠭᠡᠳ

ᠥᠯᠪᠠᠷᠡᠭᠡᠭᠦ ᠶᠤᠮ ᠪᠠᠢ᠌ᠨ᠎ᠠ ᠳ᠋ᠠ

ᠣᠶᠠ ᠭᠡᠵᠤ

ᠭᠡᠴᠢᠨᠡᠨ ᠭᠡᠯᠡᠭ᠍ᠰᠡᠨ ᠴᠤ

ᠣᠴᠢᠷ ᠪᠣᠯᠭᠠᠵᠤ

ᠣᠬᠠᠭᠠᠨ ᠳᠠᠭᠠᠨ ᠠᠪᠬᠤ ᠥᠭᠡᠢ

ᠠᠢ ᠳ᠋ᠠ ︕ ᠭᠡᠳ

ᠭᠠᠷ ᠶᠢᠡᠨ ᠴᠡᠴᠡᠷᠡᠭᠦᠯᠤᠨ

ᠠᠶᠠᠭ᠎ᠠ ᠴᠠᠢ ᠪᠠᠨ ᠠᠪᠬᠤ ᠳ᠋ᠤ

ᠭᠦᠰᠡᠷ ᠲ᠋ᠡᠭᠡᠷ᠎ᠡ ᠭᠡᠪᠳᠡᠵᠤ ᠪᠠᠢ᠌ᠭᠰᠠᠨ

ᠣᠷᠤᠯᠭ᠎ᠠ ᠶᠢᠨ ᠶᠡᠭᠡ ᠰᠠᠬ᠎ᠠ

ᠦᠨᠦᠷ ᠠᠪᠴᠤ

ᠣᠷᠢᠳᠤ ᠶᠢᠨ ᠶᠤᠰᠤᠭᠠᠷ

ᠦᠰᠦᠷᠴᠤ ᠢᠷᠡᠭᠡᠳ

ᠠᠶᠠᠭ᠎ᠠ ᠲᠡᠶ ᠠᠮᠤ ᠶᠢ ᠢᠳᠡᠭᠦ ᠳᠡᠭᠡᠨ

ᠠᠷᠭᠠᠯᠢ ᠶᠢᠨ ᠡᠪᠠᠷ ᠨᠢ

ᠠᠰᠠᠵᠤ ᠪᠠᠢ᠌ᠭᠰᠠᠨ ᠳ᠋ᠸᠩ ᠢ ᠨᠥᠳᠦᠷᠴᠤ ᠥᠩᠭᠦᠷᠢᠭᠦᠯᠦᠯ᠎ᠡ᠃

ᠠᠰᠬᠠᠷᠠᠬᠤ ᠳᠤᠰᠤ

ᠠᠪᠣᠯᠴᠠᠬᠤ ᠭᠠᠯ

ᠣᠷᠤ ᠳᠡᠪᠢᠰᠭᠡᠷ ᠡᠴᠡ

ᠣᠨᠢ ᠨᠢᠷᠤᠭᠤ ᠳᠤᠯᠳᠠᠯ᠎ᠠ ᠳᠦᠷᠠᠯᠵᠢᠪᠠ᠃

ᠦᠷᠯᠦᠭᠡ ᠪᠣᠰᠬᠤ ᠳ᠋ᠤ

ᠭᠦᠤ ᠨᠢ

ᠮᠢᠨᠤ ᠲᠦᠮᠡᠳᠤ

ᠮᠢᠨᠤ ᠲᠦᠮᠡᠳᠤ ᠭᠡᠵᠤ

ᠬᠠᠷᠠᠯᠠᠵᠤ ᠲᠦᠯᠡᠭ᠍ᠳᠡᠭ᠍ᠰᠡᠨ

ᠠᠮᠢᠳᠠᠢ ᠶᠢᠨ ᠭᠡᠷ ᠵᠢᠠᠨ

ᠬᠠᠷᠠᠵᠤ ᠳᠤᠭᠤᠷᠢᠨ᠎ᠠ᠃

            


ᠰᠠᠬ᠎ᠠ ᠊᠊᠊᠊᠊᠊᠊᠊᠊᠊᠊᠊᠊᠊᠊ ᠡᠭᠦᠯᠳᠡᠷ ᠮᠠᠯ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1271
ᠴᠠᠭ᠄ 2012 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁