ᠮᠤᠩᠭ᠋ᠤᠯᠴᠤᠳ ᠤᠨ ᠳᠦᠷᠰᠦᠯᠡᠭᠦᠢ ᠣᠷᠠᠯᠢᠭ ᠲᠤ ᠢᠯᠡᠷᠡᠭ᠍ᠰᠡᠨ ᠪᠦᠭᠡ ᠶᠢᠨ ᠱᠠᠰᠢᠨ ᠤ ᠨᠥᠯᠦᠭᠡ

     ᠠᠭᠤᠯᠭ᠎ᠠ ᠶᠢᠨ ᠳᠤᠪᠴᠢ᠄ ᠳᠤᠰ ᠥᠭᠦᠯᠡᠯ ᠳᠤ ᠪᠦᠭᠡ ᠶᠢᠨ ᠱᠠᠰᠢᠨ ᠤ ᠦᠵᠡᠯ ᠣᠬᠠᠮᠰᠠᠷ ᠤᠨ ᠮᠤᠩᠭ᠋ᠤᠯ ᠦᠨᠳᠦᠰᠦᠳᠠᠨ ᠤ ᠳᠦᠷᠰᠦᠯᠡᠭᠦᠢ ᠣᠷᠠᠯᠢᠭ ᠲᠤ ᠥᠵᠡᠭᠦᠯᠦᠭ᠍ᠰᠡᠨ ᠨᠥᠯᠦᠭᠡ ᠶᠢ ᠱᠤᠭᠤᠮᠠᠯ ᠰᠠᠢ᠌ᠯᠤᠮᠠᠯ ᠤᠨ ᠣᠷᠠᠯᠠᠯ᠂ ᠵᠢᠷᠤᠭ ᠣᠷᠠᠯᠠᠯ᠂ ᠪᠠᠷᠢᠯᠭ᠎ᠠ ᠶᠢᠨ ᠣᠷᠠᠯᠠᠯ᠂ ᠠᠷᠠᠤᠨ ᠤᠨ ᠣᠷᠠᠯᠠᠯ ᠵᠡᠷᠭᠡ ᠳᠦᠷᠪᠠᠨ ᠳᠠᠯ᠎ᠠ ᠶᠢᠨ ᠣᠷᠠᠯᠠᠯ ᠳᠤ ᠢᠯᠠᠷᠠᠵᠤ ᠪᠠᠢ᠌ᠬᠤ ᠶᠢ ᠮᠥᠴᠢᠦᠡᠭᠡᠨ ᠰᠢᠡᠵᠢᠯᠡᠭ᠍ᠰᠡᠨ ᠪᠠᠢ᠌ᠨ᠎ᠠ᠃

     ᠵᠠᠩᠭᠢᠯᠭ᠎ᠠ ᠥᠭᠡ᠄ ᠪᠦᠭᠡ ᠶᠢᠨ ᠱᠠᠰᠢᠨ᠂ ᠦᠵᠡᠯ ᠣᠬᠠᠮᠰᠠᠷ᠂ ᠮᠤᠩᠭ᠋ᠤᠯ ᠦᠨᠳᠦᠰᠦᠳᠠᠨ᠂ ᠳᠦᠷᠰᠦᠯᠡᠭᠦᠢ ᠣᠷᠠᠯᠢᠭ᠂ ᠨᠥᠯᠦᠭᠡ


ᠪᠦᠭᠡ ᠶᠢᠨ ᠱᠠᠱᠢᠨ ᠪᠣᠯ ᠮᠤᠩᠭ᠋ᠤᠯ ᠦᠨᠳᠦᠰᠦᠳᠠᠨ ᠤ ᠬᠠᠮᠤᠭ ᠤᠨ ᠠᠩᠬᠠᠨ ᠤ ᠰᠢᠳᠤᠵᠤ ᠪᠠᠢ᠌ᠭᠰᠠᠨ ᠱᠠᠱᠢᠨ ᠰᠢᠳᠦᠯᠭᠡ ᠮᠦᠨ᠃ ᠳᠡᠭᠡᠭᠦ ᠳᠡᠭᠡᠨ ᠪᠦᠭᠡ ᠶᠢᠨ ᠱᠠᠱᠢᠨ ᠨᠢ ᠳᠡᠭ᠍ᠷᠢ ᠭᠠᠵᠠᠷ ᠵᠡᠷᠭᠡ ᠣᠯᠠᠨ ᠵᠣᠢ᠌ᠯ ᠤᠨ ᠰᠢᠳᠦᠯᠭᠡ ᠲᠡᠶ ᠪᠠᠢ᠌ᠳᠠᠭ᠃ ᠮᠤᠩᠭ᠋ᠤᠯ ᠤᠨ ᠪᠦᠭᠡ ᠮᠦᠷᠭᠦᠯ ᠨᠢ ᠶᠡᠭᠡ ᠪᠠᠢ᠌ᠭᠠᠯᠢ ᠶᠢᠨ ᠲᠦᠮᠡᠨ ᠪᠣᠳᠠᠰ ᠲᠤ ᠴᠦᠮ ᠡᠵᠡᠳ ᠣᠩᠭ᠋ᠤᠳ ᠲᠡᠶ᠂ ᠴᠦᠮ ᠰᠦᠨᠠᠰᠤ ᠲᠡᠶ ᠭᠡᠵᠤ ᠥᠵᠡᠳᠡᠭ᠌ ᠰᠠᠨ᠃ ᠮᠤᠩᠭ᠋ᠤᠯ ᠣᠷᠤᠨ ᠳᠤ ᠪᠠᠢ᠌ᠭᠠᠯᠢ ᠶᠢᠨ ᠥᠵᠡᠭ᠍ᠳᠡᠯ ᠢ ᠳᠡᠭ᠍ᠷᠢ ᠶᠢᠨ ᠰᠠᠭᠢᠭᠤᠯᠰᠤᠨ᠂ ᠭᠠᠵᠠᠷ ᠤᠨ ᠡᠵᠡᠳ᠂ ᠨᠠᠷᠠᠨ ᠠᠪᠠᠢ᠂ ᠰᠠᠷᠠᠨ ᠳᠠᠭᠢᠨᠢ᠂ ᠠᠶᠤᠩᠭ᠎ᠠ ᠡᠪᠦᠭᠡᠨ᠂ ᠰᠠᠯᠭᠢ ᠡᠮᠡᠭᠡᠨ᠂ ᠠᠭᠤᠯᠠᠨ ᠡᠵᠡᠳ᠂ ᠣᠰᠤᠨ ᠤ ᠯᠤᠤᠰ᠂ ᠭᠠᠯ ᠤᠨ ᠪᠣᠷᠬᠠᠨ᠂ ᠴᠡᠴᠡᠭ᠌ ᠤᠨ ᠳᠠᠭᠢᠨᠢᠰ᠂ ᠨᠤᠳᠤᠭ ᠣᠰᠤᠨ ᠤ ᠨᠠᠪᠳᠠᠭ ᠱᠠᠪᠳᠠᠭ ᠭᠡᠭᠦ ᠮᠠᠳᠤ ᠪᠠᠷ ᠨᠠᠷᠠᠢ᠌ᠳᠴᠤ ᠰᠢᠳᠤᠵᠤ ᠪᠠᠢ᠌ᠵᠠᠢ᠃ ᠪᠠᠰᠠ ᠡᠪᠦᠭᠡ ᠳᠡᠭᠡᠳᠦᠰ ᠶᠢᠡᠨ ᠳᠠᠭᠢᠬᠤ ᠪᠠ ᠠᠭᠤᠯᠠ ᠣᠰᠤ ᠣᠪᠣᠭ᠎ᠠ ᠱᠠᠩᠰᠢ ᠶᠢ ᠰᠢᠳᠤᠵᠤ ᠳᠠᠭᠢᠵᠤ ᠪᠠᠢ᠌ᠪᠠ᠃ ᠡᠢ᠌ᠮᠤ ᠡᠴᠠ ᠮᠤᠩᠭ᠋ᠤᠯ ᠪᠦᠭᠡ ᠮᠦᠷᠭᠦᠯ ᠤᠨ ᠰᠢᠳᠦᠯᠭᠡ ᠨᠢ ᠪᠣᠰᠤ ᠱᠠᠰᠢᠨ ᠰᠤᠷᠳᠠᠬᠤᠨ ᠲᠡᠶ ᠠᠳᠠᠯᠢ ᠦᠭᠡᠶ ᠪᠠᠢ᠌ᠵᠤ ᠣᠯᠠᠨ ᠰᠢᠳᠦᠯᠭᠡᠡᠳᠤ ᠱᠠᠰᠢᠨ ᠰᠢᠳᠦᠯᠭᠡ ᠪᠣᠯᠤᠨ᠎ᠠ᠃ ⑴ ᠡᠢ᠌ᠮᠦᠷᠭᠦ ᠪᠦᠭᠡ ᠶᠢᠨ ᠱᠠᠱᠢᠨ ᠨᠢ ᠣᠯᠠᠨ ᠮᠢᠩᠭ᠋ᠠᠨ ᠵᠢᠯ ᠤᠨ ᠳᠤᠷᠰᠢᠳᠠ ᠮᠤᠩᠭ᠋ᠤᠯᠴᠤᠳ ᠤᠨ ᠳᠤᠮᠳᠠ ᠳᠡᠯᠭᠡᠷᠡᠭᠡᠳ᠂ ᠳᠠᠳᠠᠨ ᠤ ᠦᠵᠡᠯ ᠣᠬᠠᠮᠰᠠᠷ᠂ ᠵᠠᠩ ᠣᠢ᠌ᠯᠠ᠂ ᠠᠵᠤ ᠠᠮᠢᠳᠤᠷᠠᠯ᠂ ᠣᠯᠤᠰ ᠳᠦᠷᠤ᠂ ᠰᠤᠶᠤᠯ ᠣᠷᠠᠯᠢᠭ ᠵᠡᠷᠭᠡ ᠣᠯᠠᠨ ᠳᠠᠯ᠎ᠠ ᠪᠠᠷ ᠶᠡᠭᠡᠭᠡᠨ ᠨᠥᠯᠦᠭᠡ ᠣᠢ᠌ᠯᠠᠳᠤᠯ ᠥᠵᠡᠭᠦᠯᠦᠭ᠍ᠰᠡᠨ ᠪᠠᠢ᠌ᠳᠠᠭ᠃ ᠨᠠᠩ ᠢᠯᠠᠩᠭ᠋ᠣᠶ᠎ᠠ ᠮᠤᠩᠭ᠋ᠤᠯᠴᠤᠳ ᠤᠨ ᠠᠩᠬᠠᠨ ᠤ ᠱᠠᠱᠢᠨ ᠰᠤᠷᠳᠠᠬᠤᠨ ᠪᠣᠯᠤᠭᠰᠠᠨ ᠤ ᠬᠤᠪᠢ ᠳᠤ ᠳᠡᠭᠦᠨ ᠤ ᠶ‍ᠢᠷᠳᠢᠠᠴᠤ ᠶᠢᠨ ᠦᠵᠡᠯ ᠨᠢ ᠮᠤᠩᠭ᠋ᠤᠯᠴᠤᠳ ᠤᠨ ᠦᠵᠡᠯ ᠣᠬᠠᠮᠰᠠᠷ ᠢ ᠰᠢᠭᠤᠳ ᠨᠥᠯᠦᠭᠡᠯᠡᠵᠤ ᠡᠢ᠌ᠮᠦᠷᠭᠦ ᠦᠵᠡᠯ ᠣᠬᠠᠮᠰᠠᠷ ᠨᠢ ᠮᠤᠩᠭ᠋ᠤᠯᠴᠤᠳ ᠤᠨ ᠳᠦᠷᠰᠦᠯᠡᠭᠦᠢ ᠣᠷᠠᠯᠢᠭ ᠲᠤ ᠭᠦᠡᠵᠡᠭᠡᠢ ᠳᠤᠰᠬᠠᠯ ᠶᠢᠡᠨ ᠣᠯᠵᠤ ᠳᠦᠷᠰᠦᠯᠡᠭᠦᠢ ᠣᠷᠠᠯᠢᠭ ᠤᠨ ᠣᠯᠠᠨ ᠮᠢᠩᠭ᠋ᠠᠨ ᠵᠢᠯ ᠤᠨ ᠭᠦᠭ᠍ᠵᠢᠯᠳᠡ ᠶᠢ ᠨᠥᠯᠦᠭᠡᠯᠡᠭ᠍ᠰᠡᠨ ᠪᠠᠢ᠌ᠳᠠᠭ᠃ ᠣᠴᠢᠷ ᠨᠢ ᠳᠦᠷᠰᠦᠯᠡᠭᠦᠢ ᠣᠷᠠᠯᠢᠭ ᠪᠣᠯ ᠭᠦᠮᠦᠰ ᠪᠣᠳᠠᠰ ᠤᠨ ᠮᠠᠲ᠋ᠸᠷᠢᠶᠠᠯ ᠪᠣᠯᠤᠨ ᠪᠠᠭᠠᠵᠢ ᠭᠡᠷᠡᠰᠭᠡᠯ ᠢ ᠠᠰᠢᠭᠯᠠᠨ᠂ ᠵᠤᠭᠢᠬᠤ ᠭᠤᠸ᠎ᠠ ᠰᠠᠢ᠌ᠬᠠᠨ ᠤ ᠴᠢᠳᠠᠮᠵᠢ ᠭᠢᠭᠡᠳ ᠮᠡᠷᠭᠡᠵᠢᠯ ᠢ ᠠᠰᠢᠭᠯᠠᠨ᠂ ᠦᠵᠡᠯ ᠣᠬᠠᠮᠰᠠᠷ ᠪᠣᠯᠤᠨ ᠪᠣᠳᠠᠰ ᠤᠨ ᠮᠠᠲ᠋ᠸᠷᠢᠶᠠᠯ᠂ ᠣᠶᠤᠨ ᠣᠬᠠᠭᠠᠨ ᠭᠤᠸ᠎ᠠ ᠰᠠᠢ᠌ᠬᠠᠨ ᠤ ᠡᠳᠡᠭᠡᠳ ᠬᠠᠷᠢᠯᠴᠠᠨ ᠣᠢ᠌ᠯᠠᠳᠤᠯ ᠥᠵᠡᠭᠦᠯᠵᠤ᠂ ᠬᠠᠷᠢᠯᠴᠠᠨ ᠣᠶᠠᠯᠳᠤᠵᠤ ᠣᠷᠭᠢᠯᠤᠮ᠎ᠠ ᠰᠡᠳᠬᠢᠯᠭᠡ ᠪᠣᠯᠤᠨ ᠠᠮᠢᠯᠠᠯ ᠤᠨ ᠭᠦᠴᠤᠨ ᠶᠢᠡᠷ ᠪᠢᠯᠬᠠᠭᠰᠠᠨ ᠵᠤᠬᠢᠶᠠᠨ ᠪᠦᠳᠦᠭᠡᠯᠳᠡ ᠶᠢᠨ ᠴᠢᠨᠠᠷᠳᠠᠢ ᠭᠦᠳᠡᠯᠮᠦᠷᠢ ᠪᠣᠯᠤᠨ᠎ᠠ᠃ ⑵  

ᠮᠤᠩᠭ᠋ᠤᠯ ᠦᠨᠳᠦᠰᠦᠳᠠᠨ ᠤ ᠣᠷᠠᠨ ᠵᠢᠷᠤᠭ ᠤᠨ ᠣᠨᠤᠯ ᠳᠡᠦᠭᠡ᠂ ᠪᠠᠷ ᠵᠢᠷᠤᠭ᠂ ᠣᠷᠠᠨ ᠪᠢᠴᠢᠯᠭᠡ ᠶᠢᠨ ᠰᠤᠳᠤᠯᠭᠠᠨ ᠤ ᠴᠢᠭᠯᠡᠯ ᠳᠠᠢ᠃

    ᠨᠢᠭᠡ᠂ ᠪᠦᠭᠡ ᠶᠢᠨ ᠱᠠᠱᠢᠨ ᠡᠴᠠ ᠮᠤᠩᠭ᠋ᠤᠯ ᠦᠨᠳᠦᠰᠦᠳᠠᠨ ᠤ ᠰᠠᠢ᠌ᠯᠤᠮᠠᠯ ᠱᠤᠭᠤᠮᠠᠯ ᠤᠨ ᠣᠷᠠᠯᠠᠯ ᠳᠤ ᠥᠵᠡᠭᠦᠯᠦᠭ᠍ᠰᠡᠨ ᠨᠥᠯᠦᠭᠡ

ᠪᠦᠭᠡ ᠶᠢᠨ ᠱᠠᠱᠢᠨ ᠨᠢ ᠳᠡᠭ᠍ᠷᠢ ᠭᠠᠵᠠᠷ ᠪᠠᠢ᠌ᠭᠠᠯᠢ ᠶ‍ᠢᠷᠳᠢᠠᠴᠤ ᠶᠢ ᠰᠢᠳᠤᠵᠤ ᠣᠯᠠᠨ ᠠᠷᠪᠢᠨ ᠰᠢᠳᠦᠯᠭᠡ ᠪᠠᠢ᠌ᠳᠠᠭ᠃ ᠮᠤᠩᠭ᠋ᠤᠯᠴᠤᠳ ᠨᠢ ᠳᠡᠭ᠍ᠷᠢ ᠭᠠᠵᠠᠷ᠂ ᠨᠠᠷᠠᠨ ᠰᠠᠷᠠᠨ᠂ ᠣᠳᠤᠨ ᠭᠠᠷᠠᠭ᠂ ᠭᠠᠯ ᠪᠠ ᠦᠪᠡᠷᠰᠠᠤᠨ ᠤᠨ ᠡᠪᠦᠭᠡ ᠳᠡᠭᠡᠳᠦᠰ ᠶᠢᠡᠨ ᠰᠠᠭᠢᠭᠤᠰᠤ ᠲᠡᠶ ᠭᠡᠮᠡᠨ ᠪᠣᠳᠤᠭᠠᠤᠨ᠂ ᠠᠶᠤᠯ ᠭᠠᠮᠰᠢᠭ ᠬᠤᠤᠷᠯᠠᠯ ᠠᠵᠠ ᠵᠢᠷᠭᠠᠯ ᠲᠡᠶ ᠠᠮᠢᠳᠤᠷᠠᠬᠤ ᠠᠯᠢᠪᠠ ᠭᠦᠰᠡᠯ ᠡᠷᠡᠮᠵᠢᠯᠡᠯ ᠶᠢᠡᠨ ᠳᠡᠳᠡᠭᠡᠷ ᠲᠤ ᠳᠠᠭᠠᠳᠬᠠᠳᠠᠭ ᠮᠦᠷᠳᠡᠭᠡᠨ ᠡᠭᠦᠨ ᠤ ᠣᠯᠠᠮ ᠡᠴᠠ ᠣᠩᠭ᠋ᠤᠳ ᠪᠣᠢ ᠪᠣᠯᠵᠠᠢ᠃ ᠣᠩᠭ᠋ᠤᠳ ᠭᠡᠰᠡᠨ ᠥᠭᠡ ᠪᠣᠯ 《ᠣᠩᠭ᠋ᠤ》 ᠭᠡᠳᠡᠭ᠌ ᠥᠭᠡᠨ ᠡᠴᠠ ᠢᠵᠠᠭᠤᠷ ᠲᠡᠶ ᠶᠤᠮ᠃ ᠣᠩᠭ᠋ᠤ ᠭᠡᠳᠡᠭ᠌ ᠥᠭᠡᠨ ᠳᠤ ᠣᠯᠠᠨ ᠳᠤᠭᠠᠨ ᠤ ᠳᠠᠭᠠᠪᠣᠷᠢ ᠶᠢ ᠵᠠᠯᠭᠠᠭᠠᠬᠤᠨ ᠣᠩᠭ᠋ᠤᠳ ᠭᠡᠳᠡᠭ᠌ ᠥᠭᠡ ᠪᠣᠢ ᠪᠣᠯᠵᠠᠢ᠃ ᠣᠩᠭ᠋ᠤᠳ ᠭᠡᠳᠡᠭ᠌ ᠨᠢ ᠪᠦᠭᠡ ᠮᠦᠷᠭᠦᠯ ᠤᠨ ᠱᠠᠱᠢᠨ ᠰᠤᠷᠳᠠᠬᠤᠨ ᠤ ᠡᠵᠡᠳ ᠰᠠᠭᠢᠭᠤᠰᠤ ᠶᠢᠨ ᠭᠢᠮᠠᠯ ᠳᠦᠷᠰᠤ ᠨᠥᠭᠦᠤᠨ ᠪᠣᠯᠤᠨ᠎ᠠ᠃ ᠠᠩᠬ᠎ᠠ ᠡᠭᠢᠯᠡᠭᠦ ᠳᠡᠭᠡᠨ᠂ ᠣᠩᠭ᠋ᠤᠳ ᠢ ᠢᠰᠡᠭᠡᠢ ᠪᠣᠶᠤ ᠪᠦᠰ ᠶᠢᠡᠷ ᠣᠷᠠᠯᠠᠨ ᠭᠢᠵᠤ ᠪᠠᠢ᠌ᠭᠰᠠᠨ ᠪᠦᠭᠡᠳ ᠬᠤᠵᠢᠮ ᠨᠢ ᠪᠣᠯᠵᠤ ᠢᠷᠡᠭᠡᠳ ᠭᠦᠷᠡᠯ ᠵᠠᠰ ᠮᠠᠳᠤ ᠶᠢᠨ ᠳᠡᠮᠦᠷᠯᠢᠭ᠌ ᠤᠨ ᠵᠣᠢ᠌ᠯᠠᠰ ᠶᠢᠡᠷ ᠭᠢᠭᠦ ᠪᠣᠯᠵᠠᠢ᠃ ⑶ ᠳᠡᠭᠡᠷ᠎ᠡ ᠦᠶ᠎ᠡ ᠳᠤ ᠵᠠᠷᠢᠮ ᠮᠤᠩᠭ᠋ᠤᠯ ᠠᠢ᠌ᠯ ᠨᠡᠭᠦᠭᠦ ᠳᠡᠭᠡᠨ ᠭᠡᠳᠤᠨ ᠳᠡᠷᠭᠡ ᠣᠩᠭ᠋ᠤᠳ ᠤᠨ ᠳᠦᠷᠰᠤ ᠶᠢ ᠠᠴᠢᠳᠠᠭ ᠪᠠᠢ᠌ᠵᠠᠢ᠃ ᠡᠨᠡ ᠪᠣᠯ ᠰᠤᠨᠢᠷᠬᠠᠯᠳᠠᠢ ᠭᠡᠷᠡᠭ᠌ ᠶᠤᠮ᠃ ᠶᠠᠭᠠᠭᠢᠭᠠᠤᠨ ᠳᠠᠢ᠌ᠮᠤ ᠪᠣᠢ︖ ᠭᠡᠪᠠᠯ ᠮᠤᠩᠭ᠋ᠤᠯ ᠠᠢ᠌ᠯ ᠪᠦᠭᠡ ᠢᠳᠤᠭᠠᠨ ᠵᠠᠯᠠᠵᠤ ᠪᠦᠭᠡᠯᠡᠭᠦᠯᠭᠦ ᠳᠡᠭᠡᠨ ᠵᠠᠪᠠᠯ ᠨᠢᠭᠡᠨ ᠣᠩᠭ᠋ᠤᠳ ᠤᠨ ᠳᠦᠷᠢ ᠶᠢ ᠭᠢᠳᠡᠭ᠌᠃ ᠭᠢᠭ᠍ᠰᠡᠨ ᠣᠩᠭ᠋ᠤᠳ ᠶᠢᠡᠨ ᠬᠠᠶᠠᠬᠤ ᠶᠤᠰᠤ ᠦᠭᠡᠶ᠂ ᠠᠶᠠᠳᠠᠢ᠌ᠬᠠᠨ ᠬᠠᠳᠠᠭᠠᠯᠠᠨ ᠳᠠᠭᠢᠵᠤ ᠶᠠᠪᠣᠬᠤ ᠶᠤᠰᠤᠳᠠᠢ ᠠᠵᠢ᠃ ᠡᠢ᠌ᠮᠤ ᠡᠴᠠ ᠨᠢᠭᠡ ᠠᠢ᠌ᠯ ᠣᠳᠤᠮ ᠣᠭᠰᠠᠭ᠎ᠠ ᠪᠠᠷ ᠶᠢᠡᠨ ᠭᠡᠴᠦᠨᠡᠨ ᠣᠳᠠᠭ᠎ᠠ ᠪᠦᠭᠡ ᠢᠳᠤᠭᠠᠨ ᠵᠠᠯᠠᠭᠰᠠᠨ ᠪᠠᠢ᠌ᠪᠠᠯ ᠳᠡᠭᠦᠨ ᠳᠤ ᠳᠠᠳᠤᠢ ᠣᠯᠠᠨ ᠣᠩᠭ᠋ᠤᠳ ᠤᠨ ᠳᠦᠷᠢ ᠪᠠᠢ᠌ᠳᠠᠭ᠃ ⑷ ᠡᠨᠡ ᠳᠤᠬᠠᠢ ᠷᠦᠪᠷᠤᠩ ᠤᠨ ᠳᠡᠮᠳᠡᠭᠯᠡᠯ ᠳᠤ 《ᠭᠡᠷ ᠤᠨ ᠡᠵᠡᠨ ᠤ ᠰᠠᠭᠤᠳᠠᠯ ᠤᠨ ᠳᠡᠭᠡᠷ᠎ᠡ ᠳᠠᠯ᠎ᠠ ᠳᠤ ᠢᠰᠡᠭᠡᠢ ᠪᠠᠷ ᠵᠤᠬᠢᠶᠠᠭᠰᠠᠨ ᠣᠩᠭ᠋ᠤᠳ ᠢ ᠬᠠᠨ᠎ᠠ ᠡᠴᠠ ᠡᠯᠭᠦᠭ᠍ᠰᠡᠨ ᠪᠠᠢ᠌ᠳᠠᠭ᠃ ᠳᠠᠳᠠ ᠨᠡᠷ ᠭᠡᠷ ᠤᠨ ᠡᠵᠡᠨ ᠤ ᠠᠬ᠎ᠠ ᠳᠡᠭᠦᠤ ᠭᠡᠵᠤ ᠳᠠᠭᠤᠳᠠᠳᠠᠭ ᠶᠤᠮ᠃ ᠁ ᠁ ᠭᠡᠷ ᠤᠨ ᠡᠵᠡᠨ ᠪᠦᠰᠡᠭᠦᠢ ᠨᠢ ᠦᠪᠡᠷ ᠤᠨ ᠰᠠᠭᠤᠳᠠᠯ ᠤᠨ ᠪᠠᠷᠠᠭᠤᠨ ᠳᠠᠯ᠎ᠠ ᠳᠤ ᠬᠤᠨᠢᠨ ᠤ ᠨᠤᠤᠰᠤ ᠪᠣᠶᠤ ᠥᠭᠡᠷ᠎ᠡ ᠶᠠᠭᠤᠮ᠎ᠠ ᠶᠢ ᠴᠢᠭᠢᠵᠤ ᠳᠦᠭ᠍ᠰᠥᠢᠯᠭᠡᠭ᠍ᠰᠡᠨ ᠢᠮᠠᠭᠠᠨ ᠠᠷᠠᠰᠤ ᠶᠢ ᠳᠠᠯᠪᠢᠵᠤ᠂ ᠳᠡᠭᠦᠨ ᠤ ᠪᠠᠨ ᠳᠡᠭᠡᠷ᠎ᠡ ᠨᠢ ᠵᠢᠭᠠᠯ ᠣᠩᠭ᠋ᠤᠳ ᠢ ᠵᠢᠷᠤᠭᠯᠠᠨ ᠴᠢᠮᠡᠭ᠍ᠰᠡᠨ ᠪᠠᠢ᠌ᠳᠠᠭ᠃ ᠡᠭᠦᠳᠡᠨ ᠤ ᠳᠡᠷᠭᠡᠳᠡᠭᠢ ᠡᠮᠡᠭ᠍ᠳᠡᠢ ᠶᠢᠨ ᠰᠠᠭᠤᠳᠠᠯ ᠤᠨ ᠬᠠᠵᠠᠭᠤ ᠳ᠋ᠤᠨᠢ ᠥᠭᠡᠷ᠎ᠡ ᠨᠢᠭᠡᠨ ᠣᠩᠭ᠋ᠤᠳ ᠤᠨ ᠬᠠᠮᠳᠤ ᠦᠨᠢᠶᠠᠨ ᠤ ᠳᠠᠯᠠᠩ ᠢ ᠳᠠᠭᠢᠵᠤ ᠪᠣᠢ᠃ ᠦᠨᠢᠶ᠎ᠡ ᠰᠠᠭᠠᠳᠠᠭ ᠨᠢ ᠡᠮᠡᠭ᠍ᠳᠡᠢ᠌ᠴᠦᠳ ᠤᠨ ᠠᠵᠢᠯ ᠪᠣᠯᠬᠤᠷ ᠢᠩᠭᠢᠳᠡᠭ᠌ ᠶᠤᠮᠰᠠᠠᠵᠠᠢ᠃ ᠭᠡᠭᠦᠤ ᠰᠠᠭᠠᠬᠤ ᠨᠢ ᠡᠷᠡᠭ᠍ᠳᠡᠢ᠌ᠴᠦᠳ ᠤᠨ ᠠᠵᠢᠯ ᠪᠣᠯᠬᠤᠷ ᠡᠭᠦᠳᠡᠨ ᠤ ᠳᠡᠷᠭᠡᠳᠡ ᠡᠷᠡᠭ᠍ᠳᠡᠢ᠌ᠴᠦᠳ ᠤᠨ ᠰᠠᠭᠤᠳᠠᠯ ᠤᠨ ᠬᠠᠵᠠᠭᠤ ᠳᠤ ᠭᠡᠭᠦᠤ ᠶᠢᠨ ᠳᠠᠯᠠᠩ ᠢ ᠳᠠᠭᠢᠵᠤ ᠪᠠᠢ᠌ᠳᠠᠭ ᠪᠠᠢ᠌ᠨ᠎ᠠ᠃》 ⑸ ᠫᠠᠯᠠᠨ ᠺᠠᠷᠫᠢᠨ ᠤ ᠳᠡᠮᠳᠡᠭᠯᠡᠯ ᠳᠤ ᠪᠠᠰᠠ 《᠁ ᠳᠠᠳᠠ ᠨᠡᠷ ᠢᠰᠡᠭᠡᠢ ᠪᠠᠷ ᠭᠦᠮᠤᠨ ᠤ ᠳᠦᠷᠢ ᠪᠠᠢ᠌ᠳᠠᠯ ᠲᠡᠶ ᠵᠠᠶᠠᠭᠠᠴᠢ ᠪᠣᠷᠬᠠᠨ ᠵᠤᠬᠢᠶᠠᠳᠠᠭ》 ⑹ᠡᠨᠡ ᠨᠢ ᠮᠤᠩᠭ᠋ᠤᠯᠴᠤᠳ ᠤᠨ ᠡᠷᠳᠡ ᠦᠶ᠎ᠡ ᠶᠢᠨ ᠢᠰᠡᠭᠡᠢ ᠪᠠᠷ ᠭᠢᠭ᠍ᠰᠡᠨ ᠰᠠᠢ᠌ᠯᠤᠮᠠᠯ ᠤᠨ ᠳᠦᠷᠢ ᠪᠣᠯᠤᠨ᠎ᠠ᠃ ᠶᠠᠭ ᠴ·ᠳᠠᠯᠠᠢ ᠶᠢᠨ ᠭᠡᠯᠡᠭ᠍ᠰᠡᠡᠴᠢᠯᠡᠨ ᠰᠡᠭᠦᠯᠡᠷ ᠨᠢ ᠪᠣᠯᠵᠤ ᠭᠦᠭ᠍ᠵᠢᠭᠡᠳ ᠭᠦᠷᠡᠯ᠂ ᠵᠠᠰ ᠮᠠᠳᠤ ᠶᠢᠨ ᠳᠡᠮᠦᠷᠯᠢᠭ᠌ ᠤᠨ ᠵᠣᠢ᠌ᠯᠠᠰ ᠶᠢᠡᠷ ᠭᠢᠭ᠍ᠰᠡᠨ ᠪᠠᠢ᠌ᠨ᠎ᠠ᠃ ᠶᠠᠭ ᠡᠢ᠌ᠮᠦᠷᠭᠦ ᠰᠠᠢ᠌ᠯᠤᠮᠠᠯ ᠤᠨ ᠣᠷ᠎ᠠ ᠮᠡᠷᠭᠡᠵᠢᠯ ᠨᠢ ᠣᠩᠭ᠋ᠤᠳ ᠤᠨ ᠰᠢᠳᠦᠭᠡᠨ ᠶᠢᠡᠷ ᠳᠠᠮᠵᠢᠨ ᠪᠦᠭᠦ ᠮᠤᠩᠭ᠋ᠤᠯᠴᠤᠳ ᠤᠨ ᠳᠤᠮᠳᠠ ᠦᠷᠭᠡᠨ ᠶᠢᠡᠷ ᠳᠡᠯᠭᠡᠷᠡᠨ ᠳᠠᠷᠠᠭᠠᠴᠢ ᠶᠢᠨ ᠦᠶ᠎ᠡ ᠤᠨ ᠱᠤᠭᠤᠮᠠᠯ ᠰᠠᠢ᠌ᠯᠤᠮᠠᠯ ᠳᠤ ᠶᠡᠭᠡᠭᠡᠨ ᠨᠥᠯᠦᠭᠡ ᠪᠣᠯᠵᠤ ᠡᠷᠳᠡ ᠣᠷᠴᠢᠨ ᠣᠳᠤ ᠦᠶ᠎ᠡ ᠶᠢᠨ ᠮᠤᠩᠭ᠋ᠤᠯᠴᠤᠳ ᠤᠨ ᠱᠤᠭᠤᠮᠠᠯ ᠰᠠᠢ᠌ᠯᠤᠮᠠᠯ ᠤᠨ ᠦᠵᠡᠯ ᠣᠬᠠᠮᠰᠠᠷ ᠤᠨ ᠡᠭᠢ ᠰᠤᠷᠪᠣᠯᠵᠢ ᠪᠣᠯᠤᠭᠰᠠᠨ ᠪᠠᠢ᠌ᠨ᠎ᠠ᠃ ᠡᠷᠳᠡᠨ ᠤ ᠮᠤᠩᠭ᠋ᠤᠯᠴᠤᠳ ᠤᠨ ᠭᠦᠮᠤᠨ ᠤ ᠳᠦᠷᠢ ᠶᠢ ᠳᠠᠭᠤᠷᠢᠶᠠᠨ ᠵᠤᠬᠢᠶᠠᠭᠰᠠᠨ ᠵᠣᠢ᠌ᠯ ᠵᠢᠰᠤᠮ ᠤᠨ ᠰᠠᠭᠢᠭᠤᠯᠰᠤᠨ ᠤ ᠭᠦᠷᠦᠭ᠌ ᠢ ᠪᠣᠯ ᠢᠰᠡᠭᠡᠢ᠂ ᠠᠷᠠᠰᠤ᠂ ᠪᠦᠰ᠂ ᠳᠤᠷᠭ᠎ᠠ᠂ ᠮᠤᠳᠤ᠂ ᠴᠢᠯᠠᠭᠤ ᠵᠡᠷᠭᠡ ᠠᠳᠠᠯᠢ ᠪᠣᠰᠤ ᠶᠢᠨ ᠮᠠᠲ᠋ᠸᠷᠢᠶᠠᠯ ᠶᠢᠡᠷ ᠭᠢᠭ᠍ᠰᠡᠨ ᠪᠠᠢ᠌ᠳᠠᠭ᠃ ᠳᠠᠷᠠ ᠨᠢ ᠭᠤᠷᠪᠠᠨ ᠵᠠᠢ᠌ᠳᠤ ᠪᠣᠰᠤᠭ᠎ᠠ ᠴᠤᠭᠴᠠ ᠶᠢᠨ ᠣᠩᠭ᠋ᠤᠨ ᠶᠤᠮ᠂ ᠡᠭᠦᠨ ᠢ ᠳᠠᠳᠠ ᠣᠠᠴᠠᠭᠠᠢ ᠭᠦᠡᠳᠦᠳᠭᠡᠨ ᠪᠢᠰᠢᠷᠡᠳᠡᠭ᠌᠃ ᠰᠠᠭᠢᠭᠤᠯᠰᠤᠨ ᠤ ᠭᠦᠷᠦᠭ᠌ ᠢ ᠵᠤᠬᠢᠶᠠᠬᠤ ᠪᠠ ᠳᠠᠯᠪᠢᠬᠤ ᠳᠠᠭᠠᠨ ᠮᠠᠰᠢ ᠭᠢᠴᠢᠶᠡᠳᠡᠭ᠌᠃ ᠶᠠᠷᠤ ᠶᠢᠨ ᠪᠠᠢ᠌ᠳᠠᠯ ᠳᠤ 《ᠭᠡᠦᠭᠡᠯᠳᠡᠢ ᠰᠢᠭ᠌ ᠢᠰᠡᠭᠡᠢ ᠪᠠᠷ ᠭᠢᠭ᠍ᠰᠡᠨ ᠣᠩᠭ᠋ᠤᠳ ᠡᠷᠡᠭ᠍ᠳᠡᠢ᠌ᠴᠦᠳ ᠤᠨ ᠳᠤᠯᠤᠭᠠᠢ ᠶᠢᠨ ᠳᠠᠯ᠎ᠠ ᠶᠢᠨ ᠬᠠᠨ᠎ᠠ ᠶᠢᠨ ᠳᠡᠭᠡᠷ᠎ᠡ ᠡᠯᠭᠦᠵᠤ ᠡᠷᠡᠭ᠍ᠳᠡᠢ᠌ᠴᠦᠳ ᠤᠨ ᠶᠢᠡᠨ ᠠᠬ᠎ᠠ ᠳᠡᠭᠦᠤ ᠪᠠᠷ ᠥᠵᠡᠳᠡᠭ᠌᠃ ᠮᠦᠨ ᠴᠤ ᠳᠡᠷᠡᠭᠦ ᠣᠩᠭ᠋ᠤᠳ ᠲᠡᠶ ᠠᠳᠠᠯᠢ ᠣᠩᠭ᠋ᠤᠳ ᠢ ᠪᠦᠰᠡᠭᠦᠢᠴᠦᠳ ᠤᠨ ᠳᠤᠯᠤᠭᠠᠢ ᠶᠢᠨ ᠳᠠᠯ᠎ᠠ ᠶᠢᠨ ᠬᠠᠨ᠎ᠠ ᠳᠡᠭᠡᠷ᠎ᠡ ᠡᠯᠭᠦᠵᠤ ᠪᠦᠰᠡᠭᠦᠢᠴᠦᠳ ᠤᠨ ᠶᠢᠡᠨ ᠡᠭᠡᠴᠢ ᠦᠬᠢᠨ ᠳᠡᠭᠦᠤ ᠪᠠᠷ ᠥᠵᠡᠳᠡᠭ᠌᠃ ᠡᠨᠡ ᠬᠤᠶᠠᠷ ᠣᠩᠭ᠋ᠤᠳ ᠤᠨ ᠬᠤᠭᠤᠷᠤᠠᠳᠤᠭᠢ ᠳᠡᠭᠡᠷ᠎ᠡ ᠳᠠᠯ᠎ᠠ ᠳ᠋ᠤᠨᠢ ᠳᠤᠷᠠᠩᠬᠠᠢ ᠵᠢᠵᠢᠭ᠌ ᠣᠩᠭ᠋ᠤᠳ ᠡᠯᠭᠦᠵᠤ ᠭᠡᠷ ᠣᠷᠤᠨ ᠶᠢᠡᠨ ᠬᠠᠮᠠᠭᠠᠯᠠᠭᠴᠢ ᠰᠠᠭᠢᠭᠤᠯᠰᠤᠨ ᠪᠣᠯᠭᠠᠳᠠᠭ᠃ ᠪᠦᠰᠡᠭᠦᠢᠴᠦᠳ ᠤᠨ ᠰᠠᠭᠤᠳᠠᠭ ᠡᠭᠦᠳᠡᠨ ᠤ ᠳᠤᠳᠤᠷ᠎ᠠ ᠳᠠᠯ᠎ᠠ ᠳ᠋ᠤᠨᠢ ᠦᠨᠢᠶᠠᠨ ᠤ ᠳᠠᠯᠠᠩ ᠲᠡᠶ ᠨᠢᠭᠡ ᠣᠩᠭ᠋ᠤᠳ ᠡᠯᠭᠦᠵᠤ ᠪᠦᠰᠡᠭᠦᠢᠴᠦᠳ ᠤᠨ ᠦᠨᠢᠶ᠎ᠡ ᠰᠠᠭᠠᠳᠠᠭ ᠢ ᠬᠠᠷᠠᠭᠤᠯᠳᠠᠭ᠃ ᠡᠷᠡᠭ᠍ᠳᠡᠢ᠌ᠴᠦᠳ ᠤᠨ ᠰᠠᠭᠤᠳᠠᠭ ᠨᠥᠭᠦᠭᠡ ᠳᠠᠯ᠎ᠠ ᠳ᠋ᠤᠨᠢ ᠭᠡᠭᠦᠤ ᠶᠢᠨ ᠭᠦᠭᠦ ᠲᠡᠶ ᠪᠠᠰᠠ ᠨᠢᠭᠡᠨ ᠣᠩᠭ᠋ᠤᠳ ᠡᠯᠭᠦᠵᠤ ᠡᠷᠡᠭ᠍ᠳᠡᠢ᠌ᠴᠦᠳ ᠤᠨ ᠭᠡᠭᠦᠤ ᠰᠠᠭᠠᠳᠠᠭ ᠢ ᠬᠠᠷᠠᠭᠤᠯᠳᠠᠭ ᠪᠠᠢ᠌ᠨ᠎ᠠ᠃ ᠮᠤᠩᠭ᠋ᠤᠯ ᠤᠨ ᠬᠠᠭᠠᠠᠳᠤ ᠣᠯᠤᠰ ᠤᠨ ᠦᠶ᠎ᠡ ᠳᠤ ᠡᠳᠡᠭᠡᠷ ᠭᠡᠢ ᠬᠤᠭᠤᠰᠤᠨ ᠮᠦᠷᠳᠡᠭᠡᠨ ᠪᠠᠯᠭᠡ ᠳᠡᠮᠳᠡᠭ᠌ ᠤᠨ ᠴᠢᠨᠠᠷᠳᠠᠢ ᠢᠯᠡᠳᠭᠡᠭᠦ ᠠᠷᠭ᠎ᠠ ᠨᠢ ᠨᠠᠯᠢᠶᠠᠤᠨ ᠦᠷᠭᠡᠨ ᠭᠡᠪᠴᠢᠶ᠎ᠡ ᠪᠠᠷ ᠳᠠᠷᠬᠠᠵᠤ ᠪᠠᠢ᠌ᠵᠠᠢ᠃ ⑺ ᠡᠢ᠌ᠮᠦᠷᠭᠦ ᠦᠵᠡᠯ ᠣᠬᠠᠮᠰᠠᠷ ᠨᠢ ᠶᠤᠸᠠᠨ ᠣᠯᠤᠰ ᠤᠨ ᠦᠶ᠎ᠡ ᠪᠣᠯᠬᠤ ᠳᠤ ᠨᠠᠯᠢᠶᠠᠤᠨ ᠶᠡᠭᠡ ᠭᠡᠪᠴᠢᠶ᠎ᠡ ᠪᠠᠷ ᠰᠦᠮ᠎ᠡ ᠭᠡᠢ᠌ᠤᠨ ᠪᠠᠷᠢᠵᠤ ᠪᠦᠳᠦᠭᠦᠨ ᠳᠤᠮᠤ ᠭᠠᠠᠳᠢᠭ ᠴᠢᠯᠠᠭᠤ ᠮᠠᠳᠤ ᠶᠢᠨ ᠮᠠᠲ᠋ᠸᠷᠢᠶᠠᠯ ᠢ ᠭᠡᠷᠡᠭᠯᠡᠨ ᠡᠪᠦᠭᠡ ᠳᠡᠭᠡᠳᠦᠰ ᠤᠨ ᠵᠢᠡᠨ ᠭᠦᠷᠦᠭ᠌ ᠢ ᠱᠤᠭᠤᠵᠤ ᠳᠠᠭᠢᠵᠤ ᠪᠠᠢ᠌ᠭᠰᠠᠨ ᠪᠠᠢ᠌ᠳᠠᠭ᠃ ᠶᠤᠸᠠᠨ ᠣᠯᠤᠰ ᠤᠨ ᠬᠠᠭᠠᠤᠨ ᠲᠦᠰᠢᠮᠠᠯ ᠵᠢᠯ ᠪᠦᠷᠢ ᠶᠢᠨ ᠳᠤᠯᠤᠳᠤᠭᠠᠷ ᠰᠠᠷ᠎ᠠ ᠶᠢᠨ ᠶ‍ᠢᠰᠤᠨ ᠤ ᠡᠳᠦᠷ ᠱᠠᠩᠳᠤ ᠳᠤ ᠣᠴᠢᠵᠤ ᠡᠪᠦᠭᠡ ᠳᠡᠭᠡᠳᠦᠰ ᠶᠢᠡᠨ ᠳᠠᠭᠢᠳᠠᠭ᠃ ᠮᠤᠩᠭ᠋ᠤᠯ ᠤᠨ ᠨᠤᠶᠠᠷᠬᠠᠭᠴᠢᠳ 《ᠠᠯᠳᠠᠨ ᠣᠷᠤᠭᠳᠤ ᠭᠡᠷ ᠪᠦᠯᠢ》 ᠵᠢᠨ ᠶᠢᠡᠨ ᠡᠪᠦᠭᠡ ᠳᠡᠭᠡᠳᠦᠰ ᠶᠢᠡᠨ ᠳᠠᠭᠢᠬᠤ ᠶᠢᠨ ᠲᠦᠯᠦᠭᠡ ᠭᠦᠷᠢᠶ᠎ᠡ ᠭᠡᠪᠴᠢᠶ᠎ᠡ ᠪᠠᠷ ᠠᠭᠤᠳᠠᠮ ᠰᠠᠷᠠᠭᠤᠯ ᠰᠦᠮ᠎ᠡ ᠭᠡᠢ᠌ᠤᠨ ᠪᠠᠷᠢᠵᠤ ᠨᠠᠷᠢᠯᠢᠭ ᠰᠠᠢ᠌ᠬᠠᠨ ᠴᠢᠯᠠᠭᠤ ᠪᠠᠷ ᠳᠠᠭᠢᠨ ᠰᠢᠳᠤᠭᠴᠢᠳ ᠤᠨ ᠶᠢᠡᠨ ᠳᠦᠷᠢ ᠶᠢ ᠰᠡᠢ᠌ᠯᠳᠡᠭ᠌ ᠪᠠᠢ᠌ᠨ᠎ᠠ᠃ ᠡᠳᠡᠭᠡᠷ ᠨᠢ ᠶᠤᠸᠠᠨ ᠣᠯᠤᠰ ᠤᠨ ᠨᠤᠶᠠᠷᠬᠠᠭᠴᠢᠳ ᠮᠦᠨ ᠣᠯᠠᠮᠵᠢᠯᠠᠯᠳᠤ ᠱᠠᠰᠢᠨ ᠰᠢᠳᠦᠯᠭᠡ ᠪᠠᠨ ᠬᠠᠳᠠᠭᠠᠯᠠᠵᠤ ᠳᠤᠭᠳᠠᠮᠠᠯ ᠬᠤᠭᠤᠴᠠᠭ᠎ᠠ ᠲᠡᠶ ᠪᠠᠷ ᠰᠦᠮ᠎ᠡ ᠭᠡᠢ᠌ᠤᠨ ᠲᠤ ᠣᠴᠢᠵᠤ ᠡᠪᠦᠭᠡ ᠳᠡᠭᠡᠳᠦᠰ ᠶᠢᠡᠨ ᠳᠠᠭᠢᠨ ᠰᠢᠳᠦᠳᠡᠭ᠌ ᠢ ᠬᠠᠷᠠᠭᠤᠯᠵᠤ ᠪᠠᠢ᠌ᠳᠠᠭ᠃ ᠶᠠᠩ ᠴᠦᠨ ᠮᠢᠶᠤᠤ ᠰᠦᠮ᠎ᠡ ᠶᠢᠨ ᠪᠠᠭᠤᠷᠢ ᠨᠢ ᠶᠤᠸᠠᠨ ᠣᠯᠤᠰ ᠤᠨ ᠦᠶ᠎ᠡ ᠶᠢᠨ ᠮᠤᠩᠭ᠋ᠤᠯ ᠢᠵᠠᠭᠤᠷᠳᠠᠤᠨ ᠤᠨ ᠳᠠᠭᠢᠨ ᠰᠢᠳᠤᠵᠤ ᠪᠠᠢ᠌ᠭᠰᠠᠨ ᠰᠦᠮ᠎ᠡ ᠭᠡᠢ᠌ᠤᠨ ᠪᠣᠯᠤᠨ᠎ᠠ᠃ ⑻ ᠱᠠᠩᠳᠤ ᠡᠴᠠ ᠣᠯᠤᠭᠰᠠᠨ ᠭᠤᠷᠪᠠᠨ ᠰᠢᠷᠭᠡᠭ᠌ ᠴᠢᠯᠠᠭᠤᠨ ᠭᠦᠮᠤᠨ ᠤ ᠱᠤᠭᠤᠭᠰᠠᠨ ᠣᠷᠠᠯᠢᠭ ᠨᠢ ᠨᠠᠯᠢᠶᠠᠤᠨ ᠨᠠᠷᠢᠯᠢᠭ ᠪᠣᠯᠪᠠᠴᠤ ᠣᠯᠬᠤ ᠦᠶ᠎ᠡ ᠳᠤᠯᠤᠭᠠᠢ ᠨᠢ ᠨᠢᠭᠡᠨᠲᠡ ᠠᠯᠠᠭ᠎ᠠ ᠪᠣᠯᠵᠠᠢ᠃ ᠡᠳᠡᠭᠡᠷ ᠴᠢᠯᠠᠭᠤᠨ ᠭᠦᠮᠤᠨ ᠤ ᠭᠦᠷᠦᠭ᠌ ᠤᠨ ᠬᠤᠪᠴᠠᠰᠤ ᠬᠤᠨᠠᠷ ᠤᠨ ᠬᠡ ᠣᠭᠠᠯᠵᠠ ᠡᠴᠠ ᠥᠵᠡᠭᠦ ᠳᠤ 《ᠬᠠᠭᠠᠰ ᠬᠠᠠᠴᠤᠢ》 ᠲᠡᠶ ᠣᠷᠳᠤ ᠳᠠᠪᠠᠯ ᠪᠣᠯᠤᠨ᠎ᠠ᠃ ᠡᠢ᠌ᠮᠦᠷᠭᠦ ᠬᠤᠪᠴᠠᠰᠤ ᠨᠢ ᠣᠯᠠᠭᠠᠠᠬᠠᠳᠠ ᠶᠢᠨ ᠭᠤᠷᠪᠠᠨ ᠬᠤᠤᠠᠳᠤᠭ ᠪᠣᠯᠤᠨ ᠶᠤᠸᠠᠨ ᠪᠣᠤ ᠱᠠᠨ ᠤ ᠶᠤᠸᠠᠨ ᠣᠯᠤᠰ ᠤᠨ ᠬᠠᠨ᠎ᠠ ᠶᠢᠨ ᠵᠢᠷᠤᠭ ᠳᠠᠭᠢ ᠭᠦᠮᠤᠨ ᠤ ᠬᠤᠪᠴᠠᠰᠤ ᠬᠤᠨᠠᠷ ᠲᠡᠶ ᠦᠨᠳᠦᠰᠦᠨ ᠳᠡᠭᠡᠨ ᠠᠳᠠᠯᠢ ᠪᠠᠢ᠌ᠨ᠎ᠠ᠃ ᠮᠦᠨ ᠴᠤ ᠴᠢᠯᠠᠭᠤᠨ ᠭᠦᠷᠦᠭ᠌ ᠤᠨ ᠬᠤᠪᠴᠠᠰᠤ ᠬᠤᠨᠠᠷ ᠤᠨ ᠡᠭᠦᠯᠡ᠂ ᠯᠤᠤ᠂ ᠴᠡᠴᠡᠭ᠌ ᠤᠨ ᠬᠡ ᠣᠭᠠᠯᠵᠠ ᠨᠢ ᠶᠤᠸᠠᠨ ᠣᠯᠤᠰ ᠤᠨ ᠦᠶ᠎ᠡ ᠶᠢᠨ ᠢᠵᠠᠭᠤᠷᠳᠠᠨ ᠤ ᠬᠤᠪᠴᠠᠰᠤ ᠶᠢᠨ ᠨᠡᠢ᠌ᠳᠡᠯᠢᠭ᠌ ᠪᠠᠢ᠌ᠳᠠᠯ ᠢ ᠭᠦᠢᠴᠡᠳ ᠬᠠᠷᠠᠭᠤᠯᠤᠭᠰᠠᠨ ᠪᠠᠢ᠌ᠨ᠎ᠠ᠃ ᠶᠤᠸᠠᠨ ᠣᠯᠤᠰ ᠤᠨ ᠦᠶ᠎ᠡ ᠶᠢᠨ ᠳᠡᠭ᠍ᠷᠢ ᠶᠢᠨ ᠭᠦᠪᠠᠭᠦᠨ ᠤ ᠡᠮᠦᠰᠳᠡᠭ᠌ ᠴᠤᠯᠭᠤᠢ ᠬᠤᠪᠴᠠᠰᠤ ᠶᠢ ᠶᠠᠷᠤᠳᠠ 《ᠳᠠᠪᠤᠨ ᠰᠠᠪᠠᠷ ᠲᠡᠶ ᠬᠤᠤᠰ ᠡᠪᠠᠷ ᠲᠡᠶ》 《ᠳᠦᠷᠪᠠᠨ ᠯᠤᠤ》 ᠪᠠᠷ ᠴᠢᠮᠡᠳᠡᠭ᠌ ᠪᠠᠢ᠌ᠨ᠎ᠠ᠃ ᠡᠨᠡ ᠨᠢ ᠳᠠᠷᠠ ᠦᠶ᠎ᠡ ᠶᠢᠨ ᠳᠡᠭ᠍ᠷᠢ ᠶᠢᠨ ᠭᠦᠪᠠᠭᠦᠤᠨ ᠤᠨ ᠬᠤᠪᠴᠠᠰᠤ ᠬᠤᠨᠠᠷ ᠤᠨ ᠭᠤᠶᠤᠯᠠᠯ ᠴᠢᠮᠡᠭᠯᠡᠯ ᠤᠨ ᠪᠣᠳᠠᠳᠠᠢ ᠥᠵᠡᠭ᠍ᠳᠡᠯ ᠪᠣᠯᠤᠭᠰᠠᠨ ᠪᠠᠢ᠌ᠨ᠎ᠠ᠃ ᠡᠭᠦᠨ ᠡᠴᠡ ᠭᠠᠳᠠᠨ᠎ᠠ ᠮᠤᠩᠭ᠋ᠤᠯ ᠣᠯᠤᠰ ᠤᠨ ᠳᠤᠷᠤᠨᠠᠳᠤ ᠠᠢ᠌ᠮᠠᠭ᠂ ᠰᠦᠬᠡ‍ᠪᠠᠭᠠᠲᠤᠷ ᠠᠢ᠌ᠮᠠᠭ ᠭᠢᠭᠡᠳ ᠳᠤᠷᠤᠨᠠᠳᠤ ᠠᠢ᠌ᠮᠠᠭ ᠵᠡᠷᠭᠡ ᠭᠠᠵᠠᠷ ᠣᠷᠤᠨ ᠡᠴᠠ ᠨᠠᠯᠢᠶᠠᠤᠨ ᠰᠢᠷᠭᠡᠭ᠌ ᠴᠢᠯᠠᠭᠤᠨ ᠭᠦᠮᠤᠨ ᠣᠯᠤᠭᠰᠠᠨ ᠤ ᠣᠯᠠᠩᠭᠢ ᠨᠢ ᠡᠮᠦᠰᠭᠡᠯ ᠵᠠᠰᠠᠯ᠂ ᠰᠠᠭᠤᠵᠤ ᠪᠠᠢ᠌ᠭ᠎ᠠ ᠭᠡᠯᠪᠠᠷᠢ ᠮᠠᠶ‍ᠢᠭ ᠨᠢ ᠱᠠᠩᠳᠤ ᠡᠴᠠ ᠣᠯᠤᠭᠰᠠᠨ ᠴᠢᠯᠠᠭᠤᠨ ᠭᠦᠮᠤᠨ ᠲᠡᠶ ᠶᠡᠷᠦᠳᠡᠭᠡᠨ ᠠᠳᠠᠯᠢ ᠪᠠᠢ᠌ᠳᠠᠭ᠃

ᠡᠳᠡᠭᠡᠷ ᠴᠢᠯᠠᠭᠤᠨ ᠭᠦᠮᠤᠨ ᠤ ᠭᠦᠷᠦᠭ᠌ ᠳᠦᠷᠢ ᠡᠴᠠ ᠥᠵᠡᠭᠦᠯ᠎ᠡ ᠳᠠᠷᠤᠢ ᠪᠦᠭᠡ ᠶᠢᠨ ᠱᠠᠰᠢᠨ ᠤ ᠳᠡᠭᠡᠳᠦᠰ ᠰᠢᠳᠦᠯᠭᠡ ᠵᠢᠨ ᠦᠵᠡᠯ ᠣᠬᠠᠮᠰᠠᠷ ᠮᠤᠩᠭ᠋ᠤᠯᠴᠤᠳ ᠤᠨ ᠱᠤᠭᠤᠮᠠᠯ ᠣᠷᠠᠯᠢᠭ ᠤᠨ ᠰᠥᠭ᠌ ᠰᠦᠨᠠᠰᠤ ᠨᠢ ᠪᠣᠯᠤᠭᠰᠠᠨ ᠣᠴᠢᠷ ᠡᠴᠠ ᠰᠠ‍‌ᠶᠢ ᠳᠡᠳᠡᠭᠡᠷ ᠴᠢᠯᠠᠭᠤᠨ ᠭᠦᠮᠤᠨ ᠰᠥᠭ᠌ ᠰᠦᠨᠠᠰᠤ᠂ ᠴᠤᠭ ᠵᠢᠪᠬᠤᠭ᠎ᠠ ᠲᠡᠶ᠂ ᠠᠮᠢᠯᠠᠯ ᠤᠨ ᠭᠦᠴᠤᠨ ᠶᠢᠡᠷ ᠪᠢᠯᠬᠠᠮ᠎ᠠ ᠪᠣᠯᠵᠤ ᠳᠡᠭᠡᠳᠦᠰ ᠤᠨ ᠳᠦᠷᠢ ᠶᠢ ᠦᠨᠡᠨ ᠮᠦᠨ ᠶᠢᠡᠷ ᠠᠮᠢᠯᠠᠭᠤᠯᠵᠤ ᠴᠢᠳᠠᠭᠰᠠᠨ ᠪᠠᠢ᠌ᠨ᠎ᠠ᠃ ᠮᠦᠨ ᠡᠳᠡᠭᠡᠷ ᠴᠢᠯᠠᠭᠤᠨ ᠱᠤᠭᠤᠮᠠᠯ ᠤᠨ ᠣᠷᠠᠯᠢᠭ ᠨᠢ ᠰᠢᠭᠤᠳ ᠰᠡᠭᠦᠯᠴᠢ ᠶᠢᠨ ᠦᠶ᠎ᠡ ᠶᠢᠨ ᠮᠤᠩᠭ᠋ᠤᠯᠴᠤᠳ ᠤᠨ ᠱᠤᠭᠤᠮᠠᠯ ᠰᠠᠢ᠌ᠯᠤᠮᠠᠯ ᠤᠨ ᠣᠷ᠎ᠠ ᠮᠡᠷᠭᠡᠵᠢᠯ᠂ ᠰᠠᠨᠠᠭ᠎ᠠ ᠠᠬᠤᠢ ᠶᠢᠨ ᠢᠯᠡᠷᠡᠭᠦᠯᠦᠯᠳᠡ ᠶᠢ ᠰᠢᠭᠤᠳ ᠨᠥᠯᠦᠭᠡᠯᠡᠭ᠍ᠰᠡᠨ ᠪᠠᠢ᠌ᠨ᠎ᠠ᠃ ᠣᠳᠤ ᠪᠣᠯᠬᠤ ᠳᠤ ᠪᠦᠭᠡ ᠶᠢᠨ ᠱᠠᠱᠢᠨ ᠰᠤᠷᠳᠠᠬᠤᠨ ᠡᠳᠦᠷ ᠡᠴᠠ ᠡᠳᠦᠷ ᠮᠠᠨ ᠤ ᠠᠮᠢᠳᠤᠷᠠᠯ ᠡᠴᠠ ᠬᠤᠯᠠᠳᠴᠤ ᠪᠦᠭᠡ ᠶᠢᠨ ᠱᠠᠱᠢᠨ ᠤ ᠰᠤᠶᠤᠯ ᠣᠷᠠᠯᠢᠭ ᠵᠠᠷᠢᠮ ᠳᠠᠯ᠎ᠠ ᠪᠠᠷ ᠣᠰᠠᠳᠴᠤ ᠪᠠᠢ᠌ᠭ᠎ᠠ ᠪᠣᠯᠪᠠᠴᠤ ᠪᠦᠭᠡ ᠶᠢᠨ ᠱᠠᠠᠱᠢᠨ ᠤ ᠦᠵᠡᠯ ᠣᠬᠠᠮᠰᠠᠷ ᠤᠨ ᠨᠥᠯᠦᠭᠡ ᠶᠠᠷᠤᠨᠢ ᠮᠤᠩᠭ᠋ᠤᠯᠴᠤᠳ ᠤᠨ ᠣᠳᠤ ᠦᠶ᠎ᠡ ᠶᠢᠨ ᠱᠤᠭᠤᠮᠠᠯ ᠣᠷᠠᠯᠢᠭ ᠲᠤ ᠳᠤᠰᠬᠠᠯ ᠶᠢᠡᠨ ᠣᠯᠵᠤ ᠪᠣᠢ᠃ ᠵᠢᠱᠢᠶᠠᠯᠠᠪᠠᠯ ᠣᠳᠤ ᠶᠢᠨ ᠮᠤᠩᠭ᠋ᠤᠯ ᠣᠯᠤᠰ ᠪᠣᠯᠤᠨ ᠦᠪᠣᠷ ᠮᠤᠩᠭ᠋ᠤᠯ ᠤᠨ ᠠᠢ᠌ᠮᠠᠭ ᠬᠤᠳᠠ ᠶᠢᠨ ᠳᠤᠷᠠᠰᠬᠠᠯᠳᠤ ᠭᠠᠵᠠᠷ᠂ ᠠᠭᠤᠳᠠᠮ ᠳᠠᠯᠠᠪᠠᠢ ᠳᠤ ᠴᠢᠩᠭᠢᠰ ᠬᠠᠭᠠᠨ ᠵᠢᠴᠢ ᠮᠤᠩᠭ᠋ᠤᠯ ᠤᠨ ᠳᠡᠦᠭᠡᠳᠤ ᠭᠦᠮᠦᠰ ᠤᠨ ᠭᠦᠷᠦᠭ᠌ ᠢ ᠱᠤᠭᠤᠵᠤ᠂ 800 ᠵᠢᠯ ᠤᠨ ᠡᠮᠦᠨᠡᠭᠢ ᠴᠢᠩᠭᠢᠰ ᠬᠠᠭᠠᠨ ᠤ ᠠᠴᠢ ᠭᠠᠪᠢᠶ᠎ᠠ᠂ ᠠᠤᠭ᠎ᠠ ᠳᠦᠷᠢ ᠶᠢ ᠠᠮᠢᠳᠤ ᠳᠦᠷᠰᠦᠯᠢᠭ᠌ ᠢᠯᠡᠷᠡᠭᠦᠯᠵᠤ ᠪᠣᠢ᠃ ᠡᠨᠡ ᠨᠢ ᠭᠡᠳᠥᠢᠪᠠᠷ ᠣᠳᠤ ᠦᠶ᠎ᠡ ᠶᠢᠨ ᠮᠤᠩᠭ᠋ᠤᠯ ᠰᠤᠶᠤᠯ ᠤᠨ ᠳᠡᠯᠭᠡᠷᠡᠯ ᠭᠦᠭ᠍ᠵᠢᠯ ᠤᠨ ᠨᠢᠭᠡᠨ ᠣᠠᠴᠠᠯᠢᠭ ᠪᠣᠯᠤᠭᠰᠠᠨ ᠭᠡᠳᠡᠭ᠌ ᠪᠣᠯᠪᠠᠴᠤ ᠳᠠᠷᠠ ᠨᠢ ᠮᠦᠨ ᠴᠤ ᠠᠯᠢ ᠡᠷᠳᠡᠨ ᠤ ᠦᠶ᠎ᠡ ᠶᠢᠨ ᠪᠦᠭᠡ ᠶᠢᠨ ᠱᠠᠱᠢᠨ ᠤ ᠡᠪᠦᠭᠡ ᠳᠡᠭᠡᠳᠦᠰ ᠤᠨ ᠰᠢᠳᠦᠭᠡᠨ ᠤ ᠦᠵᠡᠯ ᠣᠬᠠᠮᠰᠠᠷ ᠤᠨ ᠳᠤᠰᠬᠠᠯ ᠪᠣᠯᠤᠨ᠎ᠠ᠃

     ᠬᠤᠶᠠᠷ᠂ ᠪᠦᠭᠡ ᠶᠢᠨ ᠱᠠᠱᠢᠨ ᠡᠴᠠ ᠮᠤᠩᠭ᠋ᠤᠯ ᠦᠨᠳᠦᠰᠦᠳᠠᠨ ᠤ ᠵᠢᠷᠤᠭ ᠣᠷᠠᠯᠠᠯ ᠳᠤ ᠥᠵᠡᠭᠦᠯᠦᠭ᠍ᠰᠡᠨ ᠨᠥᠯᠦᠭᠡ

ᠪᠦᠭᠡ ᠶᠢᠨ ᠱᠠᠱᠢᠨ ᠤ ᠦᠵᠡᠯ ᠣᠬᠠᠮᠰᠠᠷ ᠨᠢ ᠮᠤᠩᠭ᠋ᠤᠯᠴᠤᠳ ᠤᠨ ᠵᠢᠷᠤᠭ ᠣᠷᠠᠯᠠᠯ ᠢ ᠴᠤ ᠨᠠᠯᠢᠶᠠᠤᠨ ᠭᠡᠮᠵᠢᠶᠡᠨ᠎ᠡ ᠨᠥᠯᠦᠭᠡᠯᠡᠭ᠍ᠰᠡᠨ ᠪᠠᠢ᠌ᠳᠠᠭ᠃ ᠶᠠᠭ ᠳᠡᠭᠡᠷ᠎ᠡ ᠶᠠᠷᠢᠭᠰᠠᠠᠴᠢᠯᠠᠨ ᠪᠦᠭᠡ ᠶᠢᠨ ᠱᠠᠱᠢᠨ ᠤ ᠪᠠᠢ᠌ᠭᠠᠯᠢ ᠶᠢᠨ ᠰᠢᠳᠦᠯᠭᠡ᠂ ᠳᠡᠭᠡᠳᠦᠰ ᠰᠢᠳᠦᠯᠭᠡ ᠪᠠᠨ ᠣᠩᠭ᠋ᠤᠳ ᠭᠢᠵᠤ ᠰᠢᠳᠦᠭᠦ ᠮᠦᠷᠳᠡᠭᠡᠨ ᠡᠢ᠌ᠮᠦᠷᠭᠦ ᠰᠢᠳᠦᠯᠭᠡ ᠪᠠᠨ ᠪᠠᠰᠠ ᠬᠠᠳᠠ᠂ ᠠᠷᠠᠰᠤ᠂ ᠢᠰᠡᠭᠡᠢ ᠳᠡᠭᠡᠷ᠎ᠡ ᠵᠢᠷᠤᠵᠤ ᠳᠠᠭᠢᠳᠠᠭ ᠪᠠᠢ᠌ᠨ᠎ᠠ᠃ ᠶᠠᠭ 《ᠪᠦᠭᠡ ᠶᠢᠨ ᠱᠠᠱᠢᠨ ᠤ ᠵᠢᠷᠤᠭ ᠢ ᠬᠠᠮᠤᠭ ᠡᠷᠳᠡ ᠳᠡᠭᠡᠨ ᠬᠠᠳᠠᠨ ᠳᠡᠭᠡᠷ᠎ᠡ (ᠬᠠᠳᠠᠨ ᠵᠢᠷᠤᠭ) ᠰᠠᠢ᠌ᠯᠵᠤ᠂ ᠵᠠᠷᠢᠮ ᠨᠢ ᠥᠭᠡᠷ ᠤᠨ ᠠᠷᠠᠰᠤ ᠪᠣᠶᠤ ᠴᠠᠪ ᠴᠠᠭᠠᠨ ᠢᠰᠡᠭᠡᠢ ᠳᠡᠭᠡᠷ᠎ᠡ ᠵᠢᠷᠤᠵᠤ ᠪᠠᠢ᠌ᠭᠰᠠᠨ ᠶᠤᠮ᠃》 ⑼ ᠭᠡᠳᠡᠭ᠍ᠴᠢᠯᠡᠨ ᠡᠢ᠌ᠮᠦᠷᠭᠦ ᠵᠢᠷᠤᠭ ᠨᠢ ᠮᠤᠩᠭ᠋ᠤᠯ ᠤᠨ ᠬᠠᠮᠤᠭ ᠡᠷᠳᠡᠨ ᠤ ᠵᠢᠷᠤᠭ ᠣᠷᠠᠯᠠᠯ ᠪᠠᠢ᠌ᠭᠰᠠᠨ ᠶᠤᠮ᠃ ᠣᠳᠤ ᠪᠣᠯᠬᠤ ᠳᠤ ᠡᠳᠡᠭᠡᠷ ᠠᠷᠠᠰᠤ ᠢᠰᠡᠭᠡᠢ ᠳᠡᠭᠡᠷ᠎ᠡ ᠵᠢᠷᠤᠵᠤ ᠪᠠᠢ᠌ᠭᠰᠠᠨ ᠵᠢᠷᠤᠭ ᠨᠢ ᠦᠯᠠᠳᠠᠵᠤ ᠢᠷᠡᠭ᠍ᠰᠡᠨ ᠦᠭᠡᠶ ᠪᠣᠯᠪᠠᠴᠤ ᠮᠤᠩᠭ᠋ᠤᠯ ᠤᠨ ᠥᠡᠳᠦᠷᠯᠢᠭ᠌ ᠶᠢᠡᠷ ᠨᠠᠢ᠌ᠳᠠᠮ ᠳᠠᠷᠬᠠᠵᠤ ᠪᠠᠢ᠌ᠭ᠎ᠠ ᠡᠷᠳᠡᠨ ᠤ ᠬᠠᠳᠠᠨ ᠵᠢᠷᠤᠭ ᠡᠴᠠ ᠡᠨᠡ ᠪᠦᠭᠦᠨ ᠢ ᠣᠯᠵᠤ ᠬᠠᠷᠠᠳᠠᠭ ᠪᠢᠯᠠ᠃ ᠵᠢᠱᠢᠶᠠᠯᠠᠪᠠᠯ ᠄ ᠳᠠᠯᠠᠨ ᠬᠠᠷ᠎ᠠ᠂ ᠮᠤᠨᠢ ᠠᠭᠤᠯᠠ᠂ ᠪᠠᠳᠢ ᠶᠢᠨ ᠵᠢᠷᠠᠨ᠂ ᠳᠡᠭ᠍ᠷᠢ ᠠᠭᠤᠯᠠ᠂ ᠮᠤᠩᠭ᠋ᠤᠯ ᠣᠯᠤᠰ᠂ ᠪᠠᠢ᠌ᠭᠠᠯ ᠨᠠᠭᠤᠷ ᠵᠡᠷᠭᠡ ᠶᠢᠨ ᠣᠯᠠᠨ ᠭᠠᠵᠠᠷ ᠤᠳ ᠤᠨ ᠬᠠᠳᠠᠨ ᠵᠢᠷᠤᠭ ᠲᠤ ᠪᠠᠢ᠌ᠭᠠᠯᠢ ᠶᠢᠨ ᠰᠢᠳᠦᠭᠡᠨ᠂ ᠳᠤᠲ᠋ᠸᠮ ᠤᠨ ᠰᠢᠳᠦᠭᠡᠨ᠂ ᠳᠡᠭᠡᠳᠦᠰ ᠰᠠᠭᠢᠭᠤᠯᠰᠤᠨ ᠤ ᠳᠤᠬᠠᠢ ᠵᠢᠷᠤᠭᠰᠠᠨ ᠵᠢᠷᠤᠭ ᠣᠯᠠᠨ ᠠᠷᠪᠢᠨ ᠪᠠᠢ᠌ᠳᠠᠭ᠃ ᠡᠳᠡᠭᠡᠷ ᠨᠢ ᠣᠯᠠᠨ ᠵᠣᠢ᠌ᠯ ᠤᠨ ᠳᠠᠭᠢᠯ ᠳᠭᠢᠯᠭ᠎ᠠ ᠶᠢᠨ ᠳᠤᠬᠠᠢ ᠳᠠᠭᠢᠨ ᠢᠯᠡᠳᠭᠡᠨ ᠭᠠᠷᠭᠠᠭᠰᠠᠨ᠂ ᠵᠢᠷᠤᠭ ᠳᠦᠷᠰᠤ ᠪᠣᠯᠤᠨ᠎ᠠ᠃ ᠳᠡᠭᠡᠭᠦ ᠳᠡᠭᠡᠨ ᠭᠤᠤᠯᠳᠠᠭᠤ ᠵᠢᠷᠤᠭᠠᠰᠤ ᠪᠠᠷ ᠭᠦᠮᠤᠨ ᠠᠮᠢᠳᠠᠨ ᠤ ᠳᠦᠷᠢ ᠳᠦᠷᠭᠦ ᠶᠢ ᠣᠷᠭᠠᠨᠢᠭ ᠰᠠᠢ᠌ᠬᠠᠨ ᠳᠦᠷᠰᠤᠯᠠᠨ ᠢᠯᠡᠳᠭᠡᠵᠤ᠂ ᠡᠨᠡᠭᠦ ᠵᠢᠷᠤᠭᠠᠰᠤ ᠶᠢᠨ ᠭᠤᠸ᠎ᠠ ᠰᠠᠢ᠌ᠬᠠᠨ᠂ ᠳᠦᠷᠢ ᠪᠦᠳᠦᠭᠡᠯᠳᠡ ᠶᠢᠨ ᠭᠤᠸ᠎ᠠ ᠰᠠᠢ᠌ᠬᠠᠨ ᠨᠢ ᠳᠠᠷᠠᠭᠠᠴᠢ ᠶᠢᠨ ᠮᠤᠩᠭ᠋ᠤᠯ ᠦᠨᠳᠦᠰᠦᠳᠠᠨ ᠤ ᠵᠢᠷᠤᠭ ᠣᠷᠠᠯᠠᠯ ᠤᠨ ᠭᠦᠭ᠍ᠵᠢᠯ ᠤᠨ ᠠᠩᠬᠠᠨ ᠤ ᠰᠠᠭᠤᠷᠢ ᠪᠣᠯᠤᠭᠰᠠᠨ ᠪᠠᠢ᠌ᠨ᠎ᠠ᠃ ᠳᠡᠭᠡᠳᠦᠰ ᠰᠢᠳᠦᠯᠭᠡ ᠶᠢᠨ ᠦᠵᠡᠯ ᠣᠬᠠᠮᠰᠠᠷ ᠤᠨ ᠨᠥᠯᠦᠭᠡ ᠪᠠᠷ ᠶᠤᠸᠠᠨ ᠣᠯᠤᠰ ᠤᠨ ᠦᠶ᠎ᠡ ᠳᠤ ᠡᠯ᠎ᠡ ᠬᠠᠭᠠᠤᠨ ᠨᠢ ᠴᠢᠩᠭᠢᠰ ᠬᠠᠭᠠᠨ ᠡᠴᠠ ᠡᠭᠢᠯᠡᠨ ᠣᠯᠠᠨ ᠬᠠᠭᠠᠤᠨ ᠤᠨ ᠭᠦᠷᠦᠭ᠌ ᠵᠢᠷᠤᠭ ᠢ ᠵᠢᠷᠤᠭᠤᠯᠵᠤ᠂ ᠳᠡᠭᠡᠳᠦᠰ ᠤᠨ ᠰᠦᠮ᠎ᠡ ᠳᠤ ᠳᠠᠭᠢᠵᠤ ᠳᠤᠭᠳᠠᠭᠰᠠᠨ ᠬᠤᠭᠤᠴᠠᠭ᠎ᠠ ᠲᠡᠶ ᠪᠠᠷ ᠳᠠᠭᠢᠯᠭ᠎ᠠ ᠭᠢᠳᠡᠭ᠌ ᠪᠠᠢ᠌ᠨ᠎ᠠ᠃ ᠶᠤᠸᠠᠨ ᠤ ᠡᠢ᠌ᠮᠦᠷᠭᠦ ᠳᠡᠭᠡᠳᠦᠰ ᠱᠢᠳᠦᠯᠭᠡ ᠶᠢᠨ ᠦᠵᠡᠯ ᠣᠬᠠᠮᠰᠠᠷ ᠨᠢ ᠣᠳᠤ ᠦᠶ᠎ᠡ ᠶᠢᠨ ᠣᠷᠠᠨ ᠵᠢᠷᠤᠭ ᠤᠨ ᠭᠦᠭ᠍ᠵᠢᠯᠳᠡ ᠶᠢ ᠰᠢᠭᠤᠳ ᠠᠭᠢᠭᠤᠯᠤᠨ ᠭᠦᠭ᠍ᠵᠢᠭᠦᠯᠦᠭ᠍ᠰᠡᠨ ᠪᠠᠢ᠌ᠨ᠎ᠠ᠃

     ᠭᠤᠷᠪᠠ᠂ ᠪᠦᠭᠡ ᠶᠢᠨ ᠱᠠᠱᠢᠨ ᠡᠴᠠ ᠮᠤᠩᠭ᠋ᠤᠯ ᠦᠨᠳᠦᠰᠦᠳᠠᠨ ᠤ ᠪᠠᠷᠢᠯᠭ᠎ᠠ ᠵᠢᠨ ᠣᠷᠠᠯᠠᠯ ᠳᠤ ᠥᠵᠡᠭᠦᠯᠦᠭ᠍ᠰᠡᠨ ᠨᠥᠯᠦᠭᠡ

ᠪᠦᠭᠡ ᠶᠢᠨ ᠱᠠᠱᠢᠨ ᠤ ᠦᠵᠡᠯ ᠣᠬᠠᠮᠰᠠᠷ ᠤᠨ ᠭᠤᠤᠯ ᠪᠣᠯᠬᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠮᠥᠩᠭᠡ ᠳᠡᠭ᠍ᠷᠢ ᠶᠢᠨ ᠰᠢᠳᠦᠯᠭᠡ ᠶᠢᠨ ᠦᠵᠡᠯ ᠣᠬᠠᠮᠰᠠᠷ ᠨᠢ ᠮᠤᠩᠭ᠋ᠤᠯ ᠦᠨᠳᠦᠰᠦᠳᠠᠨ ᠤ ᠪᠠᠷᠢᠯᠭ᠎ᠠ ᠶᠢᠨ ᠣᠷᠠᠯᠠᠯ ᠳᠤ ᠶᠡᠭᠡᠭᠡᠨ ᠣᠢ᠌ᠯᠠᠳᠤᠯ ᠨᠥᠯᠦᠭᠡ ᠥᠵᠡᠭᠦᠯᠦᠭ᠍ᠰᠡᠨ ᠪᠠᠢ᠌ᠳᠠᠭ᠃ 《ᠭᠦᠮᠦᠭᠡᠷ ᠨᠢ ᠳᠦᠭᠦᠷᠢᠭ᠌ ᠳᠡᠭ᠍ᠷᠢ ᠳᠦᠷᠪᠠᠯᠵᠢᠨ ᠭᠠᠵᠠᠷ ᠤᠨ ᠳᠤᠮᠳᠠ ᠭᠦᠮᠤᠨ ᠳᠦᠷᠤᠯᠭᠢᠳᠠᠨ ᠡᠰᠡᠨᠢᠨ ᠣᠷᠤᠰᠢᠮᠤᠢ ᠭᠡᠮᠡᠭ᠍ᠰᠡᠨ ᠭᠦᠨ ᠣᠬᠠᠭᠠᠨ ᠢ ᠬᠠᠷᠠᠭᠤᠯᠵᠤ ᠳᠠᠯ᠎ᠠ ᠨᠤᠳᠤᠭ ᠤᠨ ᠮᠠᠯᠴᠢᠳ ᠤᠨ ᠣᠢ᠌ᠯᠠᠳᠪᠣᠷᠢᠯᠠᠯ ᠠᠮᠢᠳᠤᠷᠠᠯ ᠤᠨ ᠭᠡᠷᠡᠭ᠍ᠴᠡᠭᠡ ᠳᠤ ᠵᠤᠭᠢᠴᠠᠭᠠᠤᠨ ᠮᠠᠰᠢ ᠶᠡᠭᠡ ᠭᠡᠷᠡᠭᠯᠡᠭᠡᠨ ᠤ ᠦᠷᠳᠡᠭ᠌ ᠲᠡᠶ ᠪᠠᠢ᠌ᠯ᠎ᠠ᠃ ᠭᠦᠮᠦᠭᠡᠷ ᠨᠢ ᠱᠤᠪᠬᠤ ᠣᠷᠤᠢ ᠲᠡᠶ᠂ ᠳᠦᠭᠦᠷᠢᠭ᠌ ᠭᠢᠭᠡᠳ ᠭᠦᠯᠢᠭᠡᠷ ᠪᠣᠯᠬᠤᠷ ᠰᠢᠷᠦᠭᠦᠨ ᠪᠣᠷᠤᠭᠠᠨ ᠳᠤᠭᠰᠢᠨ ᠰᠠᠯᠭᠢᠨ ᠳᠤ ᠴᠤ ᠰᠢᠯᠵᠢᠰᠢ ᠦᠭᠡᠶ ᠰᠡᠭᠦᠢᠨ ᠰᠥᠡᠳᠡᠷᠯᠡᠭᠡᠳ ᠪᠠᠢ᠌ᠳᠠᠭ᠃ ᠁ ᠭᠦᠮᠦᠭᠡᠷ ᠭᠡᠳᠡᠭ᠌ ᠨᠢ ᠭᠦᠭᠡ ᠣᠭᠳᠠᠷᠭᠤᠢ ᠪᠣᠯᠠᠢ᠃ ᠳᠠᠳᠠᠨ ᠤ ᠴᠠᠭᠠᠨ ᠢᠰᠡᠭᠡᠢ ᠪᠠᠷ ᠪᠦᠷᠢᠭ᠍ᠰᠡᠨ ᠳᠡᠭ᠍ᠷᠢ ᠮᠠᠳᠤ ᠳᠦᠭᠦᠷᠢᠭ᠌ ᠣᠷᠤᠨ ᠰᠠᠭᠤᠴᠠ ᠶᠢ ᠭᠢᠳᠠᠤᠨ ᠤᠨ ᠪᠢᠴᠢᠭ᠌ ᠤᠨ ᠭᠦᠮᠦᠰ 《ᠭᠦᠮᠦᠭᠡᠷ》 ᠭᠡᠮᠡᠳᠡᠭ᠌ ᠪᠦᠭᠡᠳ ᠳᠠᠷᠠ ᠨᠢ ᠮᠦᠨ ᠮᠠᠲ᠋ᠸᠷᠢᠶᠠᠯ ᠤᠨ ᠰᠢᠠᠵᠢ ᠴᠢᠨᠠᠷ ᠢ ᠬᠠᠷᠠᠭᠤᠯᠤᠭᠰᠠᠨ ᠪᠠᠢ᠌ᠨ᠎ᠠ᠃ ᠡᠨᠡ ᠨᠢ ᠳᠠᠯ᠎ᠠ ᠨᠤᠳᠤᠭ ᠤᠨ ᠮᠠᠯᠴᠢᠳ ᠤᠨ ᠭᠦᠨ ᠣᠬᠠᠭᠠᠨ ᠤ ᠦᠵᠡᠯ ᠰᠠᠨᠠᠭ᠎ᠠ ᠪᠣᠯᠤᠨ ᠰᠢᠡᠵᠢᠯᠡᠭᠦ ᠣᠬᠠᠭᠠᠨ ᠤ ᠡᠭᠦᠳᠦᠯᠳᠡ ᠶᠢ ᠣᠶᠠᠯᠳᠤᠭᠤᠯᠤᠭᠰᠠᠨ ᠤ ᠦᠷ᠎ᠡ ᠪᠦᠳᠦᠭᠡᠯ ᠪᠣᠯᠤᠨ᠎ᠠ᠃》 ⑩ ᠭᠡᠵᠤ ᠶᠠᠷᠢᠭᠰᠠᠨ ᠲᠡᠶ ᠠᠳᠠᠯᠢ ᠪᠠᠷ ᠮᠤᠩᠭ᠋ᠤᠯ ᠭᠡᠷ ᠤᠨ ᠪᠠᠷᠢᠯᠭ᠎ᠠ ᠨᠢ ᠳᠠᠷᠠ ᠴᠢᠭ᠌ ᠶᠢᠡᠷ ᠶᠢᠡᠨ ᠪᠦᠭᠡ ᠶᠢᠨ ᠱᠠᠱᠢᠨ ᠤ ᠭᠦᠨ ᠣᠬᠠᠭᠠᠨ ᠢ ᠳᠤᠰᠬᠠᠵᠤ ᠪᠠᠢ᠌ᠳᠠᠭ᠃ ᠡᠢ᠌ᠮᠦᠷᠭᠦ ᠳᠦᠭᠦᠷᠢᠭ᠌ ᠳᠡᠭ᠍ᠷᠢ ᠳᠦᠷᠪᠠᠯᠵᠢᠨ ᠭᠠᠵᠠᠷ ᠤᠨ ᠦᠵᠡᠯ ᠣᠬᠠᠮᠰᠠᠷ ᠨᠢ ᠰᠡᠭᠦᠯᠴᠢ ᠶᠢᠨ ᠦᠶ᠎ᠡ ᠶᠢᠨ ᠮᠤᠩᠭ᠋ᠤᠯᠴᠤᠳ ᠤᠨ ᠪᠠᠷᠢᠯᠭ᠎ᠠ ᠶᠢᠨ ᠣᠷᠠᠯᠠᠯ ᠢ ᠴᠤ ᠭᠦᠨ ᠨᠥᠯᠦᠭᠡᠯᠡᠭ᠍ᠰᠡᠨ ᠪᠠᠢ᠌ᠳᠠᠭ᠃ ᠳᠠᠷᠤᠢ ᠮᠤᠩᠭ᠋ᠤᠯᠴᠤᠳ ᠤᠨ ᠮᠤᠩᠭ᠋ᠤᠯ ᠭᠡᠷ ᠤᠨ ᠪᠠᠷᠢᠯᠭ᠎ᠠ ᠠᠯᠢ ᠡᠷᠳᠡᠨ ᠡᠴᠠ ᠭᠦᠮᠦᠭᠡᠷ ᠪᠠᠢ᠌ᠭᠰᠠᠨ ᠶᠢᠡᠷ ᠪᠠᠷᠠᠬᠤ ᠦᠭᠡᠶ ᠣᠷᠴᠢᠨ ᠣᠳᠤ ᠦᠶ᠎ᠡ ᠪᠣᠯᠳᠠᠯ᠎ᠠ ᠡᠢ᠌ᠮᠦᠷᠭᠦ ᠪᠠᠷᠢᠯᠭ᠎ᠠ ᠪᠠᠨ ᠣᠯᠠᠮᠵᠢᠯᠠᠭᠰᠠᠭᠠᠷ ᠢᠷᠡᠭ᠍ᠰᠡᠨ ᠪᠠᠢ᠌ᠳᠠᠭ᠃ ᠵᠢᠱᠢᠶᠠᠯᠠᠪᠠᠯ᠄ ᠴᠢᠩᠭᠢᠰ ᠬᠠᠭᠠᠨ ᠤ ᠣᠩᠭ᠋ᠤᠨ᠂ ᠦᠪᠣᠷ ᠮᠤᠩᠭ᠋ᠤᠯ ᠤᠨ ᠮᠤᠷᠢ ᠣᠷᠤᠯᠳᠤᠬᠤ ᠳᠠᠯᠠᠪᠠᠢ᠂ ᠮᠤᠩᠭ᠋ᠤᠯ ᠣᠯᠤᠰ ᠤᠨ ᠣᠯᠤᠰ ᠤᠨ ᠣᠷᠳᠤᠨ ᠵᠡᠷᠭᠡ ᠪᠠᠷᠢᠯᠭ᠎ᠠ ᠨᠢ ᠪᠦᠷ ᠣᠯᠠᠮᠵᠢᠯᠠᠯᠳᠤ 《ᠭᠦᠮᠦᠭᠡᠷ》 ᠊ᠤᠨ ᠭᠦᠨ ᠣᠬᠠᠭᠠᠯᠢᠭ ᠰᠠᠨᠠᠭ᠎ᠠ ᠠᠬᠤᠢ ᠶᠢ ᠵᠠᠯᠭᠠᠨ ᠭᠦᠭ᠍ᠵᠢᠭᠦᠯᠦᠭ᠍ᠰᠡᠨ ᠪᠦᠭᠡ ᠶᠢᠨ ᠱᠠᠱᠢᠨ ᠤ ᠦᠵᠡᠯ ᠣᠬᠠᠮᠰᠠᠷ ᠤᠨ ᠨᠥᠯᠦᠭᠡ ᠳᠤᠰᠬᠠᠯ ᠪᠣᠯᠤᠨ᠎ᠠ᠃

ᠮᠤᠩᠭ᠋ᠤᠯ ᠭᠡᠷ ᠤᠨ ᠪᠣᠰᠤᠳ ᠳᠠᠯ᠎ᠠ ᠨᠢ ᠮᠦᠨ ᠴᠤ ᠣᠯᠠᠨ ᠵᠣᠢ᠌ᠯ ᠤᠨ ᠭᠦᠨ ᠳᠠᠯᠳᠠ ᠶᠢᠨ ᠰᠠᠨᠠᠭ᠎ᠠ ᠠᠬᠤᠢ ᠶᠢ ᠬᠠᠷᠠᠭᠤᠯᠵᠤ ᠪᠠᠢ᠌ᠳᠠᠭ᠃ ᠵᠢᠱᠢᠶᠠᠯᠠᠪᠠᠯ᠄ ᠮᠤᠩᠭ᠋ᠤᠯ ᠭᠡᠷ ᠤᠨ ᠳᠤᠭᠤᠨᠤ ᠣᠨᠢ ᠶᠢᠨ ᠬᠠᠪᠳᠠᠭᠠᠢ ᠵᠢᠷᠤᠭ ᠢ ᠦᠵᠡᠪᠠᠯ ᠶᠠᠭ ᠯᠠ ᠠᠯᠳᠠᠨ ᠨᠠᠷᠠᠨ ᠭᠡᠷᠡᠨ ᠰᠠᠴᠤᠷᠠᠵᠤ ᠪᠠᠢ᠌ᠬᠤ ᠰᠢᠭ ᠪᠠᠢ᠌ᠳᠠᠯ ᠳᠦᠷᠭᠦ ᠲᠡᠶ ᠶᠤᠮ᠃ ᠡᠨᠡ ᠨᠢ ᠮᠤᠩᠭ᠋ᠤᠯᠴᠤᠳ ᠤᠨ ᠠᠯᠢ ᠡᠷᠳᠡᠨ ᠡᠴᠠ ᠨᠠᠷᠠ ᠶᠢ ᠰᠢᠳᠦᠳᠡᠭ᠌ ᠲᠡᠶ ᠨᠢᠭᠳᠠ ᠬᠠᠷᠢᠴᠠᠭ᠎ᠠ ᠬᠤᠯᠪᠣᠭ᠎ᠠ ᠲᠡᠶ ᠪᠠᠢ᠌ᠵᠤ᠂ ᠡᠨᠡ ᠨᠢ ᠮᠤᠩᠭ᠋ᠤᠯᠴᠤᠳ ᠤᠨ ᠳᠡᠭ᠍ᠷᠢ ᠭᠠᠵᠠᠷ ᠤᠨ ᠳᠤᠮᠳᠠ ᠨᠠᠷᠠ ᠰᠢᠭ ᠦᠨᠢ ᠮᠥᠩᠭᠡ ᠭᠢᠯᠠᠯᠵᠠᠨ ᠰᠠᠴᠤᠷᠠᠵᠤ ᠶᠠᠪᠣᠬᠤ ᠶᠢᠨ ᠭᠦᠨ ᠳᠠᠯᠳᠠ ᠰᠠᠨᠠᠭ᠎ᠠ ᠠᠬᠤᠢ ᠶᠢ ᠬᠠᠷᠠᠭᠤᠯᠤᠭᠰᠠᠨ ᠪᠠᠢ᠌ᠳᠠᠭ᠃ ⑾ ᠪᠠᠰᠠ ᠮᠤᠩᠭ᠋ᠤᠯ ᠭᠡᠷ ᠤᠨ ᠥᠩᠭᠡ ᠶᠢᠨ ᠳᠠᠯ᠎ᠠ ᠪᠠᠷ ᠶᠠᠷᠢᠪᠠᠯ ᠮᠤᠩᠭ᠋ᠤᠯ ᠭᠡᠷ ᠤᠨ ᠭᠤᠤᠯ ᠴᠤᠭᠴᠠ ᠨᠢ ᠴᠠᠭᠠᠨ ᠥᠩᠭᠡ ᠪᠠᠢ᠌ᠵᠤ ᠡᠨᠡ ᠨᠢ ᠮᠤᠩᠭ᠋ᠤᠯᠴᠤᠳ ᠤᠨ ᠠᠯᠢ ᠡᠷᠳᠡᠨ ᠡᠴᠠ ᠰᠢᠳᠦᠭ᠍ᠰᠡᠭᠡᠷ ᠢᠷᠡᠭ᠍ᠰᠡᠨ ᠥᠩᠭᠡ ᠮᠦᠷᠳᠡᠭᠡᠨ ᠪᠦᠭᠡ ᠶᠢᠨ ᠱᠠᠱᠢᠨ ᠡᠴᠠ ᠢᠷᠠᠯᠳᠠᠢ ᠪᠠᠢ᠌ᠳᠠᠭ᠃ ᠡᠨᠡ ᠳᠤᠬᠠᠢ 《ᠪᠦᠭᠡ ᠮᠦᠷᠭᠦᠯ ᠤᠨ ᠰᠢᠳᠦᠯᠭᠡ ᠳᠤ᠂ ᠴᠠᠭᠠᠨ ᠥᠩᠭᠡ ᠶᠢ ᠡᠷᠭᠢᠮ ᠥᠩᠭᠡ ᠪᠣᠯᠭᠠᠨ ᠭᠦᠡᠳᠦᠳᠭᠡᠳᠡᠭ᠌᠃ ᠨᠠᠢ᠌ᠳᠠ ᠶᠢᠨ ᠣᠨ ᠳᠤᠭᠠᠯᠠᠯ ᠡᠴᠠ ᠡᠮᠦᠨᠡᠭᠢ ᠠᠯᠢ ᠡᠷᠳᠡᠨ ᠤ ᠰᠢᠶᠦ᠋ᠩᠨᠦ (匈奴) ᠵᠢᠨ ᠳᠠᠷᠠ ᠦᠶ᠎ᠡ ᠳᠤ᠂ ᠮᠤᠩᠭ᠋ᠤᠯ ᠣᠭᠰᠠᠭᠠᠳᠠᠨ ᠨᠢ ᠵᠢᠯ ᠪᠦᠷᠢ ᠶᠢᠨ ᠪᠢᠯᠢᠭ᠌ ᠤᠨ ᠣᠯᠠᠷᠢᠯ ᠤᠨ ᠳᠠᠪᠤᠨ ᠰᠠᠷ᠎ᠠ ᠶᠢᠨ ᠰᠢᠨᠢᠨ ᠶ‍ᠢᠰᠤᠨ ᠤ ᠡᠳᠦᠷ᠂ ᠰᠢᠯᠢ ᠶᠢᠨ ᠨᠤᠭᠤᠭᠠᠨ ᠳᠠᠠᠵᠢ ᠪᠣᠶᠤ ᠳᠠᠯ᠎ᠠ ᠶᠢᠨ ᠴᠡᠯᠡᠭᠡᠷ ᠦᠷᠤᠴᠠᠨ᠎ᠡ ᠪᠦᠭᠦᠳᠡᠭᠡᠷ ᠶᠢᠡᠨ ᠴᠤᠭᠯᠠᠷᠠᠭᠠᠤᠨ᠂ ᠪᠦᠭᠡ ᠮᠦᠷᠭᠦᠯ ᠤᠨ ᠱᠠᠰᠢᠨ ᠰᠢᠳᠦᠯᠭᠡ ᠶᠢᠨ ᠵᠤᠷᠰᠢᠯ ᠶᠢᠡᠷ ᠳᠡᠭ᠍ᠷᠢ ᠳᠠᠭᠢᠬᠤ ᠳᠠᠭᠠᠨ᠂ ᠴᠠᠭᠠᠨ ᠭᠡᠭᠦᠤ ᠶᠢᠨ ᠰᠦ᠋ ᠶᠢ ᠰᠠᠴᠤᠯᠢ ᠪᠣᠯᠭᠠᠨ ᠳᠡᠭᠡᠭ᠍ᠰᠢ ᠰᠠᠴᠤᠳᠠᠭ ᠪᠠᠢ᠌ᠵᠠᠢ᠃ ᠳᠠᠷᠠᠴᠢᠯᠠᠨ ᠡᠷᠳᠡ ᠣᠷᠢᠳᠤ ᠴᠠᠭ ᠳᠠᠭᠢ ᠮᠤᠩᠭ᠋ᠤᠯᠴᠤᠳ ᠨᠢ ᠨᠠᠮᠤᠷ ᠤᠨ ᠨᠢ᠋ᠮᠠᠨ ᠰᠠᠷ᠎ᠠ ᠶᠢ ᠨᠢᠭᠡ ᠵᠢᠯ ᠤᠨ ᠡᠭᠢᠯᠡᠯᠳᠡ ᠭᠡᠮᠡᠨ ᠥᠵᠡᠭᠡᠳ᠂ ᠡᠨᠡ ᠰᠠᠷ᠎ᠠ ᠶᠢᠨ ᠬᠤᠷᠢᠨ ᠨᠢ᠋ᠮᠠᠨ ᠤ ᠡᠳᠦᠷ ᠲᠤ ᠮᠦᠨ ᠪᠦᠭᠡ ᠶᠢᠨ ᠱᠠᠰᠢᠨ ᠤ ᠵᠤᠷᠰᠢᠯ ᠶᠢᠡᠷ ᠴᠠᠭᠠᠨ ᠭᠡᠭᠦᠤ ᠶᠢᠨ ᠰᠦ᠋ ᠶᠢ ᠳᠡᠭ᠍ᠷᠢ ᠳᠤ ᠡᠷᠭᠦᠳᠡᠭ᠌ ᠪᠠᠢ᠌ᠯ᠎ᠠ᠁ ᠮᠤᠩᠭ᠋ᠤᠯᠴᠤᠳ ᠤᠨ ᠨᠡᠢ᠌ᠭᠡᠮ ᠠᠮᠢᠳᠤᠷᠠᠯ ᠤᠨ ᠣᠯᠠᠨ ᠳᠠᠯ᠎ᠠ ᠳᠤ᠂ ᠴᠠᠭᠠᠨ ᠥᠩᠭᠡ ᠶᠢ ᠡᠨᠡ ᠮᠠᠳᠤ ᠡᠷᠭᠢᠮᠯᠡᠨ ᠭᠦᠡᠳᠦᠳᠭᠡᠭᠦ ᠪᠣᠯᠤᠭᠰᠠᠨ ᠨᠢ ᠪᠦᠭᠡ ᠮᠦᠷᠭᠦᠯ ᠤᠨ ᠱᠠᠰᠢᠨ ᠰᠢᠳᠦᠯᠭᠡ ᠲᠡᠶ ᠨᠢᠭᠳᠠ ᠬᠤᠯᠪᠣᠭ᠎ᠠ ᠲᠡᠶ ᠶᠤᠮ᠃》 ⑿ ᠭᠡᠵᠤ ᠶᠠᠷᠢᠭᠰᠠᠠᠴᠢᠯᠠᠨ ᠪᠦᠭᠡ ᠶᠢᠨ ᠱᠠᠰᠢᠨ ᠤ ᠴᠠᠭᠠᠨ ᠥᠩᠭᠡ ᠶᠢᠨ ᠰᠢᠳᠦᠯᠭᠡ ᠨᠢ ᠮᠤᠩᠭ᠋ᠤᠯᠴᠤᠳ ᠤᠨ ᠪᠠᠷᠢᠯᠭ᠎ᠠ ᠶᠢᠨ ᠭᠤᠸ᠎ᠠ ᠰᠠᠢ᠌ᠬᠠᠨ ᠳᠤ ᠲᠦᠩ ᠶᠡᠭᠡ ᠨᠥᠯᠦᠭᠡ ᠣᠢ᠌ᠯᠠᠳᠤᠯ ᠥᠵᠡᠭᠦᠯᠦᠭ᠍ᠰᠡᠨ ᠪᠠᠢ᠌ᠳᠠᠭ᠃

     ᠳᠦᠷᠪᠠ᠂ ᠪᠦᠭᠡ ᠶᠢᠨ ᠱᠠᠱᠢᠨ ᠡᠴᠠ ᠮᠤᠩᠭ᠋ᠤᠯ ᠦᠨᠳᠦᠰᠦᠳᠠᠨ ᠤ ᠠᠷᠠᠤᠨ ᠤᠨ ᠣᠷᠠᠯᠠᠯ ᠳᠤ ᠥᠵᠡᠭᠦᠯᠦᠭ᠍ᠰᠡᠨ ᠨᠥᠯᠦᠭᠡ

ᠪᠦᠭᠡ ᠶᠢᠨ ᠱᠠᠰᠢᠨ ᠤ ᠦᠵᠡᠯ ᠣᠬᠠᠮᠰᠠᠷ ᠨᠢ ᠠᠷᠠᠤᠨ ᠤᠨ ᠵᠠᠩ ᠵᠠᠩᠰᠢᠯ᠂ ᠰᠤᠶᠤᠯ ᠤᠨ ᠪᠦᠷᠢᠯᠳᠦᠭᠦ ᠳᠤ ᠦᠵᠡᠯ ᠰᠠᠨᠠᠭᠠᠨ ᠤ ᠡᠭᠢ ᠪᠣᠯᠠᠭ ᠪᠣᠯᠵᠤ᠂ ᠠᠷᠠᠤᠨ ᠤᠨ ᠵᠠᠩ ᠵᠠᠩᠰᠢᠯ ᠨᠢ ᠠᠷᠠᠤᠨ ᠤᠨ ᠣᠷᠠᠯᠢᠭ ᠤᠨ ᠪᠦᠷᠢᠯᠳᠦᠭᠦ ᠶᠢ ᠣᠯᠠᠨ ᠳᠠᠯ᠎ᠠ ᠪᠠᠷ ᠨᠥᠯᠦᠭᠡᠯᠡᠭ᠍ᠰᠡᠨ ᠪᠠᠢ᠌ᠨ᠎ᠠ᠃ ᠳᠡᠭᠡᠷ᠎ᠡ ᠶᠠᠷᠢᠭᠰᠠᠠᠴᠢᠯᠠᠨ ᠥᠩᠭᠡ ᠪᠣᠳᠤᠭ ᠤᠨ ᠳᠠᠯ᠎ᠠ ᠪᠠᠷ ᠪᠦᠭᠡ ᠶᠢᠨ ᠱᠠᠰᠢᠨ ᠤ ᠦᠵᠡᠯ ᠣᠬᠠᠮᠰᠠᠷ ᠨᠢ ᠵᠢᠷᠤᠭ ᠣᠷᠠᠯᠠᠯ᠂ ᠪᠠᠷᠢᠯᠭ᠎ᠠ ᠵᠡᠷᠭᠡ ᠶᠢ ᠨᠥᠯᠦᠭᠡᠯᠡᠭ᠍ᠰᠡᠨ ᠶᠢᠡᠷ ᠪᠠᠷᠠᠬᠤ ᠦᠭᠡᠶ ᠠᠷᠠᠤᠨ ᠤᠨ ᠣᠷᠠᠯᠠᠯ ᠤᠨ ᠪᠦᠷᠢᠯᠳᠤᠨ ᠭᠦᠭ᠍ᠵᠢᠭᠦ ᠳᠤ ᠴᠢᠬᠤᠯᠠ ᠭᠦᠴᠦᠰᠤ ᠪᠣᠯᠤᠭᠰᠠᠨ ᠪᠠᠢ᠌ᠨ᠎ᠠ᠃ ᠵᠢᠱᠢᠶᠠᠯᠠᠪᠠᠯ᠄ ᠠᠷᠠᠤᠨ ᠤᠨ ᠣᠷᠠᠯᠢᠭ ᠤᠨ ᠳᠤᠮᠳᠠᠭᠢ ᠬᠡ ᠣᠭᠠᠯᠵᠠ ᠶᠢᠨ ᠥᠩᠭᠡ ᠪᠣᠳᠤᠭ ᠨᠢ ᠶᠠᠷᠤᠨᠢ ᠴᠠᠭᠠᠨ᠂ ᠭᠦᠭᠡ᠂ ᠣᠯᠠᠭᠠᠨ ᠵᠡᠷᠭᠡ ᠥᠩᠭᠡ ᠪᠣᠳᠤᠭ ᠢ ᠶᠡᠷᠦᠳᠡᠭᠡᠨ ᠭᠡᠷᠡᠭᠯᠡᠵᠤ ᠡᠨᠡ ᠨᠢ ᠬᠤᠪᠴᠠᠰᠤ ᠵᠠᠰᠠᠯ᠂ ᠬᠠᠳᠬᠤᠮᠠᠯ᠂ ᠡᠮᠡᠭᠡᠯ᠂ ᠮᠤᠩᠭ᠋ᠤᠯ ᠭᠡᠷ ᠤᠨ ᠣᠷᠠᠯᠠᠯ ᠳᠤ ᠶᠠᠷᠤᠨᠢ ᠳᠤᠳᠠᠭᠳᠠᠵᠤ ᠪᠣᠯᠤᠰᠢ ᠦᠭᠡᠶ ᠥᠩᠭᠡ ᠪᠣᠯᠤᠭᠰᠠᠨ ᠪᠠᠢ᠌ᠨ᠎ᠠ᠃ ᠪᠠᠰᠠ ᠮᠤᠩᠭ᠋ᠤᠯ ᠠᠷᠠᠤᠨ ᠤᠨ ᠣᠷᠠᠯᠠᠯ ᠤᠨ ᠰᠤᠳᠤ ᠨᠢ ᠪᠣᠯᠤᠭᠰᠠᠨ ᠮᠤᠩᠭ᠋ᠤᠯ ᠬᠡ ᠣᠭᠠᠯᠵᠠ ᠨᠢ ᠪᠦᠭᠡ ᠶᠢᠨ ᠱᠠᠰᠢᠨ ᠤ ᠪᠠᠢ᠌ᠭᠠᠯᠢ ᠶᠢᠨ ᠰᠢᠳᠦᠭᠡᠨ᠂ ᠳᠤᠲ᠋ᠸᠮ ᠤᠨ ᠰᠢᠳᠦᠭᠡᠨ ᠤ ᠨᠥᠯᠦᠭᠡ ᠶᠢ ᠭᠦᠷᠳᠡᠵᠤ ᠣᠯᠠᠨ ᠵᠣᠢ᠌ᠯ ᠤᠨ ᠭᠡᠯᠪᠠᠷᠢ ᠪᠠᠷ ᠢᠯᠠᠷᠠᠵᠤ ᠪᠠᠢ᠌ᠭᠰᠠᠨ ᠪᠠᠢ᠌ᠳᠠᠭ᠃ ᠵᠢᠱᠢᠶᠠᠯᠠᠪᠠᠯ᠄ ᠪᠠᠢ᠌ᠭᠠᠯᠢ ᠶᠢᠨ ᠰᠢᠳᠦᠯᠭᠡ ᠶᠢᠨ ᠨᠥᠯᠦᠭᠡ ᠪᠦᠭᠦᠢ ᠡᠭᠦᠯᠡᠨ ᠣᠭᠠᠯᠵᠠ ᠨᠢ ᠮᠤᠩᠭ᠋ᠤᠯ ᠬᠡ ᠣᠭᠠᠯᠵᠠ ᠶᠢᠨ ᠭᠤᠤᠯ ᠣᠷᠠᠰᠬᠠᠯ ᠪᠣᠯᠵᠤ ᠡᠯᠳᠡᠪ ᠶᠠᠩᠵᠤ ᠪᠠᠷ ᠬᠤᠪᠢᠷᠠᠭᠤᠯᠤᠨ ᠵᠢᠷᠤᠳᠠᠭ᠃ ᠦᠨᠢᠷ ᠪᠠᠶᠠᠯᠢᠭ ᠳᠤᠲ᠋ᠸᠮ ᠤᠨ ᠠᠭᠤᠯᠭ᠎ᠠ ᠪᠦᠭᠦᠢ ᠡᠭᠦᠯᠡᠨ ᠬᠡ᠂ ᠠᠯᠤᠬᠠᠨ ᠬᠡ᠂ ᠮᠤᠭᠠᠢ ᠶᠢᠨ ᠬᠡ᠂ ᠰᠠᠮᠵᠠᠨ ᠬᠡ᠂ ᠠᠯᠳᠠᠨ ᠬᠠᠷᠢᠶᠠᠴᠠᠢ ᠶᠢᠨ ᠬᠡ᠂ ᠡᠪᠠᠷ ᠤᠨ ᠬᠡ᠂ ᠬᠤᠸᠠᠷ ᠴᠡᠴᠡᠭ᠌᠂ ᠳᠦᠷᠤᠯ ᠪᠦᠷᠢ ᠶᠢᠨ ᠪᠠᠷᠰ᠂ ᠬᠤᠨᠢ᠂ ᠢᠮᠠᠭ᠎ᠠ᠂ ᠮᠤᠷᠢ᠂ ᠥᠭᠡᠷ᠂ ᠳᠡᠮᠡᠭᠡ᠂ ᠡᠷᠪᠠᠭᠡᠢ᠂ ᠰᠢᠪᠠᠭᠤ ᠮᠠᠳᠤ ᠶᠢᠨ ᠠᠮᠢᠳᠠᠤᠨ ᠤᠨ ᠬᠡ ᠣᠭᠠᠯᠵᠠ ᠨᠢ ᠭᠡᠳᠤᠨ ᠮᠢᠩᠭ᠋ᠠᠨ ᠵᠢᠯ ᠤᠨ ᠡᠷᠳᠡᠨ ᠤ ᠰᠤᠶᠤᠯ ᠤᠨ ᠬᠠᠭᠤᠴᠢᠨ ᠤ ᠵᠠᠩᠰᠢᠯ ᠪᠣᠯᠵᠤ ᠰᠤᠶᠤᠯ ᠤᠨ ᠣᠯᠠᠮᠵᠢᠯᠠᠯ ᠶᠢᠡᠷ ᠳᠠᠮᠵᠢᠭᠠᠤᠨ ᠣᠳᠤ ᠪᠣᠯᠳᠠᠯ᠎ᠠ ᠭᠡᠷᠡᠭᠯᠡᠭ᠍ᠳᠡᠵᠤ ᠪᠣᠢ᠃ ᠳᠡᠭᠦᠨ ᠤ ᠭᠡᠯᠪᠠᠷᠢ ᠵᠠᠭᠪᠣᠷ ᠤᠨ ᠪᠠᠷᠢᠮᠵᠢᠶᠠᠳᠤ ᠭᠡᠪ ᠨᠢ ᠡᠷᠳᠡᠨ ᠤ ᠣᠷᠠᠯᠢᠭ ᠳᠠᠭᠢ ᠭᠦᠮᠤᠨ ᠳᠦᠷᠤᠯᠭᠢᠳᠠᠨ ᠤ ᠬᠠᠷᠠᠬᠤ ᠮᠠᠳᠠᠷᠠᠯ ᠤᠨ ᠳᠤᠷᠰᠢᠯᠭ᠎ᠠ ᠪᠠ ᠱᠠᠰᠢᠨ ᠰᠢᠳᠦᠯᠭᠡ ᠶᠢᠨ ᠭᠤᠸ᠎ᠠ ᠰᠠᠢ᠌ᠬᠠᠨ ᠤ ᠦᠵᠡᠯᠳᠠ ᠶᠢ ᠬᠠᠷᠠᠭᠤᠯᠤᠭᠰᠠᠨ ᠪᠠᠢ᠌ᠵᠠᠢ᠃ ⒀

ᠴᠠᠭᠠᠰᠤᠨ ᠬᠠᠢ᠌ᠴᠢᠯᠠᠮᠠᠯ ᠪᠣᠯ ᠮᠤᠩᠭ᠋ᠤᠯ ᠠᠷᠠᠤᠨ ᠤᠨ ᠣᠷᠠᠯᠠᠯ ᠤᠨ ᠴᠢᠬᠤᠯᠠ ᠨᠢᠭᠡᠨ ᠠᠭᠤᠯᠭ᠎ᠠ ᠪᠣᠯᠤᠨ᠎ᠠ᠃ ᠳᠡᠭᠡᠭᠦ ᠳᠡᠭᠡᠨ ᠴᠠᠭᠠᠰᠤ ᠪᠣᠶᠤ ᠠᠷᠠᠰᠤᠨ ᠤ ᠬᠠᠢ᠌ᠴᠢᠯᠠᠮᠠᠯ ᠪᠣᠯ ᠡᠷᠳᠡᠨ ᠤ ᠮᠤᠩᠭ᠋ᠤᠯᠴᠤᠳ ᠤᠨ ᠦᠨᠢ ᠣᠳᠠᠭᠠᠨ ᠳᠡᠦᠭᠡ ᠲᠡᠶ ᠦᠪᠡᠷᠮᠢᠴᠠ ᠭᠡᠪ ᠨᠠᠮᠪᠠ ᠲᠡᠶ ᠮᠦᠷᠳᠡᠭᠡᠨ ᠭᠦᠮᠦᠰ ᠤᠨ ᠠᠮᠢᠳᠤᠷᠠᠯ ᠳᠤ ᠦᠷᠭᠡᠨ ᠳᠡᠯᠭᠡᠷ ᠭᠡᠷᠡᠭᠯᠡᠭᠡᠨ ᠤ ᠦᠨ᠎ᠡ ᠦᠷᠳᠡᠭ᠌ ᠲᠡᠶ ᠠᠷᠠᠤᠨ ᠤᠨ ᠣᠷᠠᠯᠢᠭ ᠪᠣᠯᠤᠨ᠎ᠠ᠃ ᠴᠠᠭᠠᠰᠤᠨ ᠬᠠᠢ᠌ᠴᠢᠯᠠᠮᠠᠯ ᠪᠣᠯ ᠳᠠᠯ᠎ᠠ ᠨᠤᠳᠤᠭ ᠤᠨ ᠮᠠᠯᠴᠢᠳ ᠤᠨ ᠳᠤᠳᠤᠷ᠎ᠠ ᠬᠠᠮᠤᠭ ᠦᠷᠭᠡᠨ ᠶᠢᠡᠷ ᠳᠠᠷᠬᠠᠵᠤ ᠪᠠᠢ᠌ᠭ᠎ᠠ ᠨᠢᠭᠡᠨ ᠵᠣᠢ᠌ᠯ ᠤᠨ ᠣᠷᠠᠯᠢᠭ ᠤᠨ ᠶᠠᠩᠵᠤ ᠮᠠᠶ‍ᠢᠭ ᠪᠣᠯᠤᠨ᠎ᠠ᠂ ᠵᠢᠷ ᠤᠨ ᠮᠠᠯᠴᠢᠨ ᠪᠠᠢ᠌ᠭᠰᠠᠨ ᠴᠤ ᠪᠠᠭᠰᠢ ᠪᠠᠢ᠌ᠬᠤ ᠦᠭᠡᠶ ᠪᠠᠷ ᠨᠢᠭᠡ ᠪᠠᠷᠢᠮ ᠬᠠᠢ᠌ᠴᠢ᠂ ᠨᠢᠭᠡ ᠨᠢᠭᠤᠷ ᠴᠠᠭᠠᠰᠤ ᠪᠠᠷ ᠳᠠᠯ᠎ᠠ ᠨᠤᠳᠤᠭ ᠤᠨ ᠮᠠᠯᠴᠢᠳ ᠤᠨ ᠰᠤᠶᠤᠯ ᠤᠨ ᠠᠭᠤᠷ ᠠᠮᠢᠰᠭᠤᠯ ᠢ ᠠᠬᠤᠭᠤᠯᠤᠭᠰᠠᠨ ᠨᠢᠭᠡᠨ ᠭᠤᠶᠤ ᠰᠠᠢ᠌ᠬᠠᠨ ᠶ‍ᠢᠷᠳᠢᠠᠴᠤ ᠶᠢ ᠬᠠᠢ᠌ᠴᠢᠯᠠᠨ ᠭᠠᠷᠭᠠᠵᠤ ᠴᠢᠳᠠᠳᠠᠭ᠃ ⒁ ᠡᠢ᠌ᠮᠤ ᠡᠴᠠ ᠮᠤᠩᠭ᠋ᠤᠯᠴᠤᠳ ᠤᠨ ᠴᠠᠭᠠᠰᠤᠨ ᠬᠠᠢ᠌ᠴᠢᠯᠠᠮᠠᠯ ᠤᠨ ᠣᠷᠠᠯᠠᠯ ᠨᠢ ᠦᠨᠢ ᠣᠳᠠᠭᠠᠨ ᠳᠡᠦᠭᠡ ᠲᠡᠶ ᠮᠦᠷᠳᠡᠭᠡᠨ ᠣᠳᠤ ᠴᠤ ᠭᠡᠰᠡᠨ ᠳᠡᠭᠦᠨ ᠶᠢᠡᠨ ᠵᠠᠯᠭᠠᠮᠵᠢᠯᠠᠨ ᠭᠦᠭ᠍ᠵᠢᠭᠦᠯᠦᠭ᠍ᠰᠡᠭᠡᠷ ᠪᠣᠢ᠃ ᠣᠮᠠᠷᠠᠳᠤ ᠶᠢᠨ ᠦᠨᠳᠦᠰᠦᠳᠠᠨ ᠨᠤᠭᠦᠳ ᠤᠨ ᠪᠠᠯᠠᠷ ᠡᠷᠳᠡᠨ ᠤ ᠬᠠᠳᠠᠨ ᠵᠢᠷᠤᠭ ᠤᠨ ᠰᠡᠭᠦᠳᠡᠷ ᠵᠢᠷᠤᠭ᠂ ᠰᠢᠶᠦ᠋ᠩᠨᠤ (匈奴) ᠭᠠᠤᠯᠢᠨ ᠫᠠᠢ᠌ᠰᠠ ᠶᠢᠨ ᠰᠡᠢ᠌ᠮᠡᠭᠡᠢ ᠰᠠᠢ᠌ᠯᠪᠣᠷᠢ ᠶᠢᠨ ᠦᠵᠡᠯ ᠣᠬᠠᠮᠰᠠᠷ᠂ ᠣᠮᠠᠷᠠᠳᠤ ᠸᠸᠢ ᠣᠯᠤᠰ ᠤᠨ ᠦᠶ᠎ᠡ ᠶᠢᠨ ᠠᠯᠳᠠ ᠮᠦᠩᠭᠦᠨ ᠴᠠᠭᠠᠰᠤ ᠵᠡᠷᠭᠡ ᠨᠢ ᠮᠤᠩᠭ᠋ᠤᠯ ᠤᠨ ᠳᠠᠯ᠎ᠠ ᠨᠤᠳᠤᠭ ᠤᠨ ᠮᠠᠯᠴᠢᠳ ᠤᠨ ᠴᠠᠭᠠᠰᠤᠨ ᠬᠠᠢ᠌ᠴᠢᠯᠠᠮᠠᠯ ᠤᠨ ᠣᠷᠠᠯᠢᠭ ᠤᠨ ᠭᠦᠭ᠍ᠵᠢᠯᠳᠡ ᠶᠢᠨ ᠣᠷᠢᠳᠤᠯ ᠪᠣᠯᠤᠭᠰᠠᠨ ᠪᠠᠢ᠌ᠨ᠎ᠠ᠃ ᠮᠦᠨ ᠴᠤ ᠳᠡᠳᠡᠭᠡᠷ ᠣᠯᠠᠨ ᠵᠣᠢ᠌ᠯ ᠤᠨ ᠬᠡ ᠣᠭᠠᠯᠵᠠ ᠨᠢ ᠣᠳᠤ ᠶᠢᠨ ᠮᠠᠯᠴᠢᠳ ᠤᠨ ᠴᠠᠭᠠᠰᠤᠨ ᠬᠠᠢ᠌ᠴᠢᠯᠠᠮᠠᠯ ᠤᠨ ᠰᠡᠳᠦᠪᠯᠡᠭᠦᠨ ᠤ ᠦᠵᠡᠯ ᠣᠬᠠᠮᠰᠠᠷ ᠤᠨ ᠰᠠᠭᠤᠷᠢ ᠪᠣᠯᠤᠭᠰᠠᠨ ᠮᠦᠷᠳᠡᠭᠡᠨ ᠱᠠᠰᠢᠨ ᠰᠢᠳᠦᠯᠭᠡ ᠶᠢᠨ ᠭᠤᠸ᠎ᠠ ᠰᠠᠢ᠌ᠬᠠᠨ ᠤ ᠦᠵᠡᠯ ᠣᠬᠠᠮᠰᠠᠷ ᠢ ᠬᠠᠷᠠᠭᠤᠯᠤᠭᠰᠠᠨ ᠪᠠᠢ᠌ᠨ᠎ᠠ᠃ ᠣᠴᠢᠷ ᠨᠢ ᠡᠢ᠌ᠮᠦᠷᠭᠦ ᠠᠷᠠᠰᠤᠨ ᠬᠠᠢ᠌ᠴᠢᠯᠠᠮᠠᠯ ᠤᠨ ᠣᠷᠠᠯᠠᠯ ᠨᠢ ᠠᠯᠢ ᠣᠵᠤᠭᠤᠷ ᠡᠷᠳᠡ ᠪᠦᠭᠡ ᠶᠢᠨ ᠱᠠᠰᠢᠨ ᠤ ᠬᠤᠪᠴᠠᠰᠤ ᠵᠠᠰᠠᠯ᠂ ᠭᠤᠳᠤᠯ ᠪᠠᠭᠡᠯᠢ ᠳᠡᠭᠡᠷᠡᠭᠢ ᠳᠤᠳᠠᠭᠳᠠᠵᠤ ᠪᠣᠯᠤᠰᠢ ᠦᠭᠡᠶ ᠵᠠᠰᠠᠯ ᠴᠢᠮᠡᠭᠯᠡᠯ ᠪᠣᠯᠵᠤ ᠪᠠᠢ᠌ᠭᠰᠠᠨ ᠶᠤᠮ᠃ ᠪᠦᠭᠡ ᠶᠢᠨ ᠱᠠᠰᠢᠨ ᠤ ᠭᠤᠳᠤᠯ ᠤᠨ ᠲᠦᠷᠡᠢ ᠳᠡᠭᠡᠷ᠎ᠡ ᠴᠠᠭᠠᠰᠤᠨ ᠬᠠᠢ᠌ᠴᠢᠯᠠᠮᠠᠯ ᠤᠨ ᠮᠠᠶ‍ᠢᠭᠳᠤ ᠬᠡ ᠣᠭᠠᠯᠵᠠ ᠲᠡᠶ ᠪᠠᠢ᠌ᠳᠠᠭ᠃ ᠡᠪᠦᠯ ᠤᠨ ᠴᠠᠭ ᠤᠨ ᠦᠨᠳᠦᠷ ᠲᠦᠷᠡᠢ ᠳᠡᠭᠡᠷ᠎ᠡ ᠨᠢ ᠪᠠᠰᠠ ᠠᠷᠠᠰᠤ ᠪᠠᠷ ᠬᠠᠢ᠌ᠴᠢᠯᠠᠭᠰᠠᠨ ᠭᠦᠮᠤᠨ ᠤ ᠭᠡᠯᠪᠠᠷᠢ ᠶᠢᠨ ᠬᠡ ᠣᠭᠠᠯᠵᠠ ᠲᠡᠶ᠂ ᠡᠪᠦᠳᠦᠭ᠌ ᠶᠢᠡᠨ ᠬᠠᠯᠬᠠᠯᠠᠬᠤ ᠬᠠᠯᠬᠠᠪᠴᠢ ᠳᠡᠭᠡᠷ᠎ᠡ ᠮᠤᠭᠠᠢ᠂ ᠮᠡᠯᠡᠭᠡᠢ᠂ ᠭᠦᠮᠤᠨ᠂ ᠰᠢᠪᠠᠭᠤ ᠮᠠᠳᠤ ᠶᠢᠨ ᠬᠡ ᠣᠭᠠᠯᠵᠠ ᠪᠠᠢ᠌ᠳᠠᠭ᠃ ⒂ ᠡᠢ᠌ᠮᠦᠷᠭᠦ ᠠᠷᠠᠰᠤᠨ ᠬᠠᠢ᠌ᠴᠢᠯᠠᠮᠠᠯ ᠤᠨ ᠬᠡ ᠣᠭᠠᠯᠵᠠ ᠨᠢ ᠳᠠᠷᠤᠢ ᠰᠡᠭᠦᠯᠴᠢ ᠦᠶ᠎ᠡ ᠶᠢᠨ ᠮᠤᠩᠭ᠋ᠤᠯᠴᠤᠳ ᠤᠨ ᠴᠠᠭᠠᠰᠤᠨ ᠬᠠᠢ᠌ᠴᠢᠯᠠᠮᠠᠯ ᠤᠨ ᠣᠷᠢᠳᠤᠯ ᠪᠣᠯᠬᠤ ᠮᠦᠷᠳᠡᠭᠡᠨ ᠮᠦᠨ ᠴᠤ ᠪᠦᠭᠡ ᠶᠢᠨ ᠱᠠᠰᠢᠨ ᠤ ᠦᠵᠡᠯ ᠣᠬᠠᠮᠰᠠᠷ ᠣᠷᠠᠯᠢᠭ ᠢ ᠳᠠᠷᠠ ᠭᠡᠪ ᠶᠢᠡᠷ ᠨᠢ ᠣᠯᠠᠮᠵᠢᠯᠠᠭᠰᠠᠨ ᠪᠠᠢ᠌ᠳᠠᠭ᠃ ᠶᠠᠭ ᠡᠢ᠌ᠮᠤ ᠡᠴᠠ ᠮᠤᠩᠭ᠋ᠤᠯ ᠴᠠᠭᠠᠰᠤᠨ ᠬᠠᠢ᠌ᠴᠢᠯᠠᠮᠠᠯ ᠢ ᠪᠦᠭᠡ ᠶᠢᠨ ᠱᠠᠰᠢᠨ ᠤ ᠴᠠᠭᠠᠰᠤᠨ ᠬᠠᠢ᠌ᠴᠢᠯᠠᠮᠠᠯ᠂ ᠢᠳᠤᠭᠠᠨ ᠤ ᠴᠠᠭᠠᠰᠤᠨ ᠬᠠᠢ᠌ᠴᠢᠯᠠᠮᠠᠯ᠂ ᠬᠠᠳᠬᠤᠮᠠᠯ ᠤᠨ ᠴᠠᠭᠠᠰᠤᠨ ᠬᠠᠢ᠌ᠴᠢᠯᠠᠮᠠᠯ ᠭᠡᠭᠦ ᠮᠠᠳᠤ ᠪᠠᠷ ᠬᠤᠪᠢᠶᠠᠵᠤ ᠪᠠᠢ᠌ᠳᠠᠭ᠃ (16) ᠡᠭᠦᠨ ᠡᠴᠠ ᠪᠣᠰᠤᠳ ᠣᠯᠠᠨ ᠳᠦᠷᠤᠯ ᠤᠨ ᠠᠷᠠᠤᠨ ᠤᠨ ᠣᠷᠠᠯᠠᠯ ᠳᠤ ᠮᠦᠨ ᠴᠤ ᠪᠦᠭᠡ ᠶᠢᠨ ᠱᠠᠰᠢᠨ ᠤ ᠦᠵᠡᠯ ᠣᠬᠠᠮᠰᠠᠷ᠂ ᠣᠷᠠᠯᠢᠭ ᠤᠨ ᠨᠥᠯᠦᠭᠡ ᠳᠠᠷᠠ ᠴᠢᠭ᠌ ᠶᠢᠡᠷ ᠳᠤᠰᠬᠠᠭᠳᠠᠵᠤ ᠪᠠᠢ᠌ᠳᠠᠭ᠃

ᠲ᠋ᠡᠭᠡᠷᠡᠭᠢ ᠶᠢ ᠪᠠᠭᠴᠠᠯᠠᠪᠠᠯ ᠪᠦᠭᠡ ᠶᠢᠨ ᠱᠠᠰᠢᠨ ᠤ ᠦᠵᠡᠯ ᠣᠬᠠᠮᠰᠠᠷ ᠨᠢ ᠮᠤᠩᠭ᠋ᠤᠯᠴᠤᠳ ᠤᠨ ᠠᠩᠬᠠᠨ ᠤ ᠱᠠᠰᠢᠨ ᠰᠢᠳᠦᠯᠭᠡ ᠪᠣᠯᠤᠭᠰᠠᠨ ᠤ ᠬᠤᠪᠢ ᠳᠤ ᠳᠡᠭᠦᠨ ᠤ ᠦᠵᠡᠯ ᠣᠬᠠᠮᠰᠠᠷ ᠨᠢ ᠮᠤᠩᠭ᠋ᠤᠯᠴᠤᠳ ᠤᠨ ᠵᠠᠩ ᠣᠢ᠌ᠯᠠ᠂ ᠦᠵᠡᠯ ᠰᠠᠨᠠᠭ᠎ᠠ᠂ ᠭᠦᠨ ᠣᠬᠠᠭᠠᠨ᠂ ᠭᠤᠸ᠎ᠠ ᠰᠠᠢ᠌ᠬᠠᠨ ᠵᠡᠷᠭᠡ ᠶᠢ ᠰᠢᠭᠤᠳ ᠨᠥᠯᠦᠭᠡᠯᠡᠵᠤ᠂ ᠡᠢ᠌ᠮᠦᠷᠭᠦ ᠦᠵᠡᠯ ᠣᠬᠠᠮᠰᠠᠷ ᠨᠢ ᠳᠠᠭᠢᠨ ᠮᠤᠩᠭ᠋ᠤᠯᠴᠤᠳ ᠤᠨ ᠳᠦᠷᠰᠦᠯᠡᠭᠦᠢ ᠣᠷᠠᠯᠢᠭ ᠲᠤ ᠳᠠᠷᠠ ᠴᠢᠭ᠌ ᠶᠢᠡᠷ ᠶᠢᠡᠨ ᠳᠤᠰᠬᠠᠭᠳᠠᠵᠤ᠂ ᠮᠤᠩᠭ᠋ᠤᠯᠴᠤᠳ ᠤᠨ ᠳᠦᠷᠰᠦᠯᠡᠭᠦᠢ ᠣᠷᠠᠯᠢᠭ ᠤᠨ ᠭᠦᠭ᠍ᠵᠢᠯᠳᠡ ᠶᠢᠨ ᠬᠠᠮᠤᠭ ᠤᠨ ᠠᠩᠬᠠᠨ ᠤ ᠭᠦᠷᠦᠰᠤ ᠰᠢᠷᠤᠢ᠂ ᠰᠢᠮ᠎ᠠ ᠳᠡᠵᠢᠭᠡᠯ ᠪᠣᠯᠵᠤ ᠪᠠᠢ᠌ᠭᠰᠠᠨ ᠶᠤᠮ᠃


     ᠵᠡᠭᠦᠯᠳᠡ᠄

⑴ ᠳᠠᠢ᠌ᠴᠢᠭᠤᠳᠠᠢ ᠮᠠᠠᠰᠠᠩ 《ᠮᠤᠩᠭ᠋ᠤᠯ ᠪᠦᠭᠡ ᠮᠦᠷᠭᠦᠯ ᠤᠨ ᠰᠢᠳᠦᠭᠡᠨ ᠪᠠ ᠳᠠᠭᠢᠯᠭ᠎ᠠ ᠶᠢᠨ ᠶᠤᠰᠤᠨ》 ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ

⑵ 孙美兰主编 《艺术概论》 高等教育出版社年月第版一页

⑶ ᠭᠡ᠊·ᠪᠣᠶᠠᠠᠪᠠᠳᠤ 《ᠮᠤᠩᠭ᠋ᠤᠯ ᠪᠦᠭᠡ ᠮᠦᠷᠭᠦᠯ ᠤᠨ ᠱᠠᠱᠢᠨ ᠰᠤᠷᠳᠠᠬᠤᠨ ᠤ ᠣᠴᠢᠷ》 ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ

⑷ ᠴ·ᠳᠠᠯᠠᠢ 《ᠮᠤᠩᠭ᠋ᠤᠯ ᠪᠦᠭᠡ ᠮᠦᠷᠭᠦᠯ ᠤᠨ ᠳᠤᠪᠴᠢ ᠳᠡᠦᠭᠡ》 1959 ᠣᠨ  ᠣᠯᠠᠭᠠᠠᠪᠠᠭᠠᠳᠤᠷ

⑸ 《ᠸᠢᠯᠢᠶᠠᠮ ᠷᠦᠪᠷᠤᠩ ᠤᠨ ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ 2001.9

⑹《ᠫᠠᠯᠠᠨ ᠺᠠᠷᠫᠢᠨ ᠤ ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ》 ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ 2001.9

⑺ ⑼ ⑩ ⒀ ⒁ ᠠᠮᠤᠷᠪᠠᠳᠤ 《ᠮᠤᠩᠭ᠋ᠤᠯ ᠦᠨᠳᠦᠰᠦᠳᠠᠨ ᠤ ᠣᠷᠠᠨ ᠵᠢᠷᠤᠭ ᠤᠨ ᠰᠤᠳᠤᠯᠤᠯ》 ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ 2001᠂ 12 ᠮᠤᠩᠭ᠋ᠤᠯ ᠭᠡᠪᠯᠡᠯ

⑻ 《ᠦᠪᠣᠷ ᠮᠤᠩᠭ᠋ᠤᠯ ᠤᠨ ᠳᠡᠦᠭᠡ ᠶᠢᠨ ᠳᠤᠷᠠᠰᠬᠠᠯᠳᠤ ᠵᠣᠢ᠌ᠯ ᠤᠳ ᠤᠨ ᠮᠠᠲ᠋ᠸᠷᠢᠶᠠᠯ ᠤᠨ ᠳᠡᠭᠦᠪᠦᠷᠢ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ

⑾ ᠮᠸᠢ ᠬᠤᠧᠨ 《ᠮᠤᠩᠭ᠋ᠤᠯ ᠭᠡᠷ ᠤᠨ ᠭᠠᠷ ᠣᠷᠠᠯᠠᠯ ᠤᠨ ᠳᠤᠬᠠᠢ》 ᠣᠯᠠᠭᠠᠠᠬᠠᠳᠠ ᠳᠡᠭᠡᠳᠤ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ 2005᠂ 2

⑿ ᠭᠡ᠊·ᠪᠣᠶᠠᠠᠪᠠᠳᠤ 《ᠮᠤᠩᠭ᠋ᠤᠯ ᠤᠨ ᠪᠦᠭᠡ ᠮᠦᠷᠭᠦᠯ ᠤᠨ ᠱᠠᠰᠢᠨ ᠰᠤᠷᠳᠠᠬᠤᠨ ᠤ ᠣᠴᠢᠷ》 ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠭᠡᠨ ᠤ ᠰᠡᠳᠭᠦᠯ 1983᠂ 1 ᠡᠴᠠ ᠳᠠᠮ ᠡᠰᠢᠯᠡᠪᠡ

⒂ 李宏复 《萨满造型艺术》 民族出版社

(16) 阿木尔巴图 《蒙古族工艺美术》 内蒙古大学出版社



ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠳᠡᠭᠡᠳᠤ ᠰᠤᠷᠭᠠᠭᠤᠯᠢ ᠶᠢᠨ ᠣᠷᠠᠨ ᠵᠢᠷᠤᠭ ᠤᠨ ᠰᠠᠯᠪᠣᠷᠢ ᠶᠢᠨ ᠳᠠᠳ᠋ ᠫᠷᠦ᠋ᠹᠧᠰᠰᠤᠷ

ᠵᠤᠬᠢᠶᠠᠭᠴᠢ᠄ ᠳᠦᠭᠦᠷᠡᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2920
ᠴᠠᠭ᠄ 2011 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁