ᠠᠮᠢᠳᠤ ᠶᠠᠪᠣᠬᠤ ᠶᠢᠨ ᠣᠴᠢᠷ

ᠬᠤᠨᠤᠭ ᠤᠨ ᠣᠳᠠᠭᠠᠨ ᠳᠤ ᠭᠦᠰᠡᠵᠤ ᠳᠤᠰᠤᠭᠰᠠᠨ

ᠬᠤᠩᠭ᠋ᠤᠷ ᠭᠡᠦᠭᠡᠨ ᠤ ᠪᠠᠨ ᠬᠠᠢ᠌ᠷ᠎ᠠ ᠶᠢᠨ ᠵᠠᠭᠢᠳᠠᠯ ᠢ

ᠬᠠᠭᠤᠳᠠᠰᠤ ᠨᠢᠭᠤᠷ ᠭᠡᠭᠡᠭ᠍ᠳᠡᠯ ᠦᠭᠡᠶ ᠰᠡᠳᠭᠢᠯ ᠳᠤᠭᠳᠤᠯᠤᠨ ᠣᠩᠰᠢᠭᠰᠠᠨ

ᠬᠤᠷᠢᠨ ᠨᠠᠰᠤᠨ ᠤ ᠳᠤᠷᠠᠯᠠᠯ ᠭᠦᠯᠭᠦᠭ᠍ᠰᠡᠨ ᠴᠠᠭ ᠮᠦᠴᠡ ᠪᠠᠨ

ᠬᠤᠪᠳᠤᠯ ᠵᠢᠷᠦᠭᠡᠨ ᠳᠤ ᠪᠠᠨ ᠡᠷᠭᠢᠴᠡᠭᠦᠯᠤᠨ ᠡᠷᠭᠢᠴᠡᠭᠦᠯᠤᠨ ᠢᠭ᠍ᠳᠦᠯᠡᠭᠦ ᠭᠡᠵᠤ

ᠬᠤᠯᠠᠳᠠᠵᠤ ᠳᠤᠭᠤᠰᠤᠷᠠᠭᠰᠠᠨ ᠣᠨ ᠵᠢᠯ ᠤᠨ ᠬᠠᠭᠤᠴᠢᠷᠠᠭᠰᠠᠨ ᠨᠢᠭᠤᠷ ᠢ

ᠣᠷᠪᠠᠭᠤᠯᠤᠨ ᠣᠷᠪᠠᠭᠤᠯᠤᠨ ᠬᠤᠷᠸ᠎ᠠ ᠳᠤ ᠪᠢ ᠠᠮᠢᠳᠤ ᠶᠠᠪᠣᠳᠠᠭ ᠶᠤᠮ ᠡ

ᠦᠪᠡᠷ ᠡᠴᠡ ᠨᠢ ᠣᠠᠳᠤᠤ

ᠥᠭᠡᠷ᠎ᠡ ᠭᠦᠮᠤᠨ ᠭᠦᠡᠳᠡᠭᠡ ᠦᠭᠡᠶ

ᠦᠬᠢᠨ ᠠᠷᠢᠭᠤᠨ ᠪᠠᠶ᠎ᠠ ᠪᠠᠨ

ᠦᠨᠡᠨ ᠬᠠᠢ᠌ᠷ᠎ᠠ ᠲᠡᠶ ᠪᠠᠨ ᠬᠠᠮᠳᠤ ᠦᠭ‍ᠭᠦᠭ᠍ᠰᠡᠨ

ᠬᠠᠢ᠌ᠷᠠᠳᠤ ᠠᠮᠠᠷᠠᠭ ᠪᠦᠰᠡᠭᠦᠢ ᠶᠢᠨ ᠶᠢᠡᠨ

ᠬᠠᠯᠠᠭᠤᠨ ᠡᠩᠭᠢᠷ ᠲᠤ ᠨᠢ ᠨᠠᠭᠠᠯᠳᠤᠵᠤ

ᠬᠠᠷᠠᠩᠭ᠋ᠤᠢ ᠣᠷᠳᠤ ᠰᠦᠨᠢ ᠶᠢ ᠬᠠᠮᠳᠤ ᠳᠤᠭᠤᠯᠬᠤ ᠭᠡᠵᠤ

ᠬᠠᠯᠠ ᠲᠡᠶ ᠡᠯᠡ ᠲᠡᠶ ᠬᠤᠷᠸ᠎ᠠ ᠳᠤ ᠠᠮᠢᠳᠤ ᠶᠠᠪᠣᠳᠠᠭ ᠶ‍ᠦᠮ ᠡ

ᠬᠤᠨ ᠤ ᠳᠡᠭ᠍ᠳᠡᠭᠡᠢ ᠦᠳᠦ ᠰᠤᠳᠤ ᠨᠢ ᠪᠦᠷᠢᠳᠦᠭᠡᠳ

ᠬᠤᠯᠠ ᠶᠢᠨ ᠳᠡᠭ᠍ᠷᠢ ᠳᠤ ᠵᠠᠯᠠᠯᠠᠬᠦ ᠳᠤ

ᠬᠤᠭᠤᠰᠤᠨ ᠬᠤᠴᠤᠷᠠᠭᠰᠠᠨ ᠡᠭᠦᠷ ᠢ ᠨᠢ ᠬᠠᠷᠠᠵᠤ

ᠬᠣᠢ᠌ᠳᠤᠨ ᠬᠠᠪᠣᠷ ᠪᠠᠰᠠ ᠥᠡᠳᠡᠭᠡᠯᠡᠭᠦ ᠪᠠᠷ ᠢᠷᠡᠳᠡᠭ᠌ ᠪᠣᠯᠪᠠᠤ ᠭᠡᠵᠤ

ᠬᠤᠯᠤᠰᠤᠳᠠᠢ ᠨᠠᠭᠤᠷ ᠶᠢᠡᠨ ᠥᠭᠡᠢ᠌ᠯᠡᠨ ᠥᠭᠡᠢ᠌ᠯᠡᠨ ᠰᠠᠭᠤᠵᠤ

ᠭᠡᠦᠭᠡᠨ ᠬᠠᠪᠣᠷ ᠤᠨ ᠭᠦᠯ ᠤᠨ ᠴᠢᠮᠡᠭᠡ ᠶᠢ ᠴᠢᠩᠨᠠᠨ ᠴᠢᠩᠨᠠᠨ

ᠭᠦᠰᠡᠯ ᠳᠤ ᠪᠠᠨ ᠭᠦᠳᠦᠯᠦᠭ᠍ᠳᠡᠨ

ᠭᠦᠮᠦᠨ ᠤ ᠣᠷᠴᠢᠯᠠᠩ ᠳᠤ ᠠᠮᠢᠳᠤ ᠶᠠᠪᠣᠳᠠᠭ ᠶ‍ᠦᠮ ᠡ

ᠬᠤᠶᠠᠷᠬᠠᠨ ᠣᠳᠠᠰᠤᠨ ᠳᠡᠭᠡᠷ᠎ᠡ

ᠬᠤᠷᠸ᠎ᠠ ᠶᠢᠨ ᠬᠠᠷ᠎ᠠ ᠴᠠᠭᠠᠨ ᠢ ᠳᠡᠯᠭᠡᠳᠡᠭ᠌

ᠭᠦᠩᠭᠢᠨᠡᠮ᠎ᠡ ᠠᠶᠠᠰ ᠲᠡᠶ ᠮᠤᠷᠢᠨ ᠬᠤᠭᠤᠷ ᠤᠨ ᠶᠢᠡᠨ

ᠭᠦᠭ᠌ ᠡᠭᠡᠰᠢᠭ᠌ ᠲᠤ ᠨᠢ ᠣᠶᠠᠷᠠᠬᠤ ᠭᠡᠵᠤ

ᠦᠶ᠎ᠡ ᠶᠢᠨ ᠦᠶ᠎ᠡ ᠣᠯᠠᠮᠵᠢᠯᠠᠭᠰᠠᠨ

ᠣᠷᠳᠤ ᠶᠢᠨ ᠳᠠᠭᠤᠤ ᠳᠤ ᠪᠠᠨ ᠵᠢᠷᠭᠠᠬᠤ ᠭᠡᠵᠤ

ᠬᠤᠶᠠᠷ ᠠᠯᠳᠠ ᠭᠦᠷᠭᠦ ᠥᠭᠡᠢ ᠪᠠᠶ᠎ᠡ ᠪᠠᠨ ᠭᠠᠮᠨᠠᠵᠤ

ᠬᠤᠷᠸ᠎ᠠ ᠳᠤ ᠪᠢ ᠠᠮᠢᠳᠤ ᠶᠠᠪᠣᠳᠠᠭ ᠶᠤᠮ ᠡ

ᠮᠠᠯᠴᠢᠳ ᠶᠠᠭᠠᠭᠢᠭᠠᠤᠨ ᠬᠤᠳᠠ ᠳᠤ ᠣᠷᠤᠵᠤ ᠪᠠᠢ᠌ᠭ᠎ᠠ ᠳᠤᠬᠠᠢ

ᠮᠠᠯ ᠶᠢᠡᠨ ᠬᠤᠳᠠᠯᠳᠤᠭᠠᠤᠨ ᠮᠢᠬ᠎ᠠ ᠬᠤᠳᠠᠯᠳᠤᠨ ᠠᠪᠴᠤ ᠢᠳᠡᠳᠡᠭ᠌ ᠤᠨ ᠳᠤᠬᠠᠢ

ᠮᠤᠷᠢ ᠶᠠᠭᠠᠭᠢᠭᠠᠤᠨ ᠴᠥᠭᠡᠷᠡᠵᠤ ᠪᠠᠢ᠌ᠭ᠎ᠠ ᠳᠤᠬᠠᠢ

ᠮᠤᠩᠭ᠋ᠤᠯ ᠭᠦᠮᠤᠨ ᠶᠠᠭᠤᠨ ᠳᠤ ᠭᠠᠭᠴᠠ ᠬᠡᠦᠬᠡᠳ ᠠᠪᠳᠠᠭ ᠪᠣᠯᠤᠭᠰᠠᠨ ᠳᠤᠬᠠᠢ

ᠮᠤᠩᠭ᠋ᠤᠯ ᠨᠤᠳᠤᠭ ᠶᠠᠭᠠᠭᠢᠭᠠᠤᠨ ᠡᠯᠡᠰᠦᠷᠡᠭ᠍ᠵᠢᠵᠤ ᠪᠠᠢ᠌ᠬᠤ ᠳᠤᠬᠠᠢ

ᠮᠠᠠᠳᠤᠭᠰᠠᠨ ᠳᠤᠭᠤᠰᠤ ᠨᠢ ᠪᠦᠷ ᠦᠪᠣᠷ ᠮᠤᠩᠭ᠋ᠤᠯ ᠤᠨ ᠪᠣᠯᠤᠭᠰᠠᠨ ᠳᠤᠬᠠᠢ

ᠮᠤᠬᠤᠷ ᠭᠤᠳᠤᠮᠵᠢᠨ ᠳᠤ ᠣᠷᠤᠭᠠᠤᠨ ᠵᠥᠭ᠌ ᠶᠢᠡᠨ ᠠᠯᠳᠠᠭᠰᠠᠨ ᠰᠢᠭ

ᠮᠥᠩᠭᠡ ᠳᠡᠭ᠍ᠷᠢ ᠶᠢ ᠰᠢᠷᠳᠠᠵᠤ ᠠᠮᠢᠳᠤ ᠶᠠᠪᠣᠳᠠᠭ ᠶᠤᠮ ᠡ

ᠳᠡᠯᠡᠭᠡᠢ ᠶᠢᠨ ᠪᠦᠮᠪᠦᠷᠴᠡᠭ᠌ ᠤᠨ ᠬᠠᠯᠠᠭᠤᠷᠠᠵᠤ ᠪᠠᠢ᠌ᠭ᠎ᠠ ᠳᠤᠬᠠᠢ

ᠳᠡᠭᠡᠳᠤ ᠳᠡᠭ᠍ᠷᠢ ᠶᠢᠨ ᠭᠠᠩᠳᠠᠵᠤ ᠪᠠᠢ᠌ᠭ᠎ᠠ ᠳᠤᠬᠠᠢ

ᠳᠤᠮᠳᠠ ᠨᠢ ᠮᠤᠩᠭ᠋ᠤᠯ ᠭᠦᠮᠤᠨ ᠬᠠᠢ᠌ᠯᠤᠭᠳᠠᠵᠤ ᠪᠠᠢ᠌ᠭ᠎ᠠ ᠳᠤᠬᠠᠢ

ᠳᠡᠭᠡᠳᠤ ᠶᠢᠨ ᠨᠤᠳᠤᠭ ᠳᠠᠯᠭᠢᠭᠳᠠᠵᠤ ᠪᠠᠢ᠌ᠭ᠎ᠠ ᠳᠤᠬᠠᠢ

ᠳᠡᠭ᠍ᠷᠢᠯᠢᠭ᠌ ᠰᠤᠶᠤᠯ ᠤᠨ ᠣᠰᠠᠳᠴᠤ ᠪᠠᠢ᠌ᠭ᠎ᠠ ᠳᠤᠬᠠᠢ

ᠨᠢᠯᠪᠣᠰᠤ ᠪᠠᠷ ᠶᠢᠡᠨ ᠪᠢᠴᠢᠵᠤ ᠥᠯᠡᠳᠡᠭᠡᠭᠦ ᠭᠡᠵᠤ

ᠨᠠᠷᠠᠯᠠᠭ ᠡᠨᠡ ᠬᠤᠷᠸ᠎ᠠ ᠶᠢᠨ ᠵᠠᠢ ᠳᠤ

ᠨᠣᠢ᠌ᠷ ᠬᠤᠯᠵᠢᠵᠤ ᠠᠮᠢᠳᠤ ᠶᠠᠪᠣᠳᠠᠭ ᠶᠤᠮ ᠡ

ᠡᠪᠠᠦᠡᠴᠤ ᠳᠦᠷᠦᠭᠦᠯᠦᠭ᠍ᠰᠡᠨ ᠡᠵᠢ ᠶᠢᠨ ᠶᠢᠡᠨ

ᠡᠩᠰᠡᠷᠡᠳᠡᠯ᠎ᠡ ᠶᠤᠤᠯᠠᠭᠰᠠᠨ ᠢ ᠨᠢ ᠮᠡᠳᠡᠭᠦ ᠭᠡᠵᠤ

ᠦᠪᠡᠷ ᠶᠢᠡᠨ ᠪᠢ ᠡᠵᠢ ᠰᠠᠭᠤᠬᠤ ᠭᠡᠵᠤ

ᠡᠨᠡ ᠬᠤᠷᠸ᠎ᠠ ᠳᠤ ᠠᠮᠢᠳᠤ ᠶᠠᠪᠣᠳᠠᠭ ᠶᠤᠮ ᠡ

ᠦᠷ᠎ᠡ ᠶᠢᠨ ᠭᠠᠭᠴᠠ ᠭᠦᠤ ᠶᠢᠨ ᠶᠢᠡᠨ

ᠦᠷ᠎ᠡ ᠲᠡᠶ ᠪᠣᠯᠬᠤ ᠶᠢ ᠨᠢ ᠭᠦᠰᠡᠵᠤ

ᠦᠷ᠎ᠡ ᠶᠢᠨ ᠮᠢᠨᠢ ᠦᠷ᠎ᠡ ᠭᠡᠳ

ᠡᠪᠦᠳᠦᠭ᠌ ᠳᠡᠭᠡᠷ᠎ᠡ ᠪᠠᠨ ᠰᠠᠭᠤᠯᠭᠠᠭᠠᠤᠨ

ᠥᠳᠡᠯᠦᠴᠢᠭᠡᠵᠡᠢ ᠭᠡᠵᠤ ᠭᠡᠯᠡᠭᠦᠯᠭᠦ ᠳᠤᠷ᠎ᠠ ᠦᠭᠡᠶ

ᠥᠵᠦᠭᠦᠷ ᠦᠭᠡᠶ ᠠᠮᠢᠳᠤᠷᠠᠯ ᠳᠤ ᠦᠷᠦ ᠳᠠᠳᠠᠯᠳᠤᠵᠤ

ᠡᠳᠦᠷ ᠬᠤᠨᠤᠭ ᠢ ᠭᠡᠳᠦᠯᠵᠤ ᠠᠮᠢᠳᠤ ᠶᠠᠪᠣᠳᠠᠭ ᠶ‍ᠦᠮ ᠡ

ᠬᠤᠭ ᠨᠤᠪᠰᠢ ᠶᠢᠨ ᠣᠪᠣᠭᠠᠷᠠᠵᠤ ᠪᠠᠢ᠌ᠭ᠎ᠠ ᠳᠤᠬᠠᠢ

ᠬᠤᠪᠳᠤᠭ ᠨᠤᠶᠠᠤᠨ ᠤᠨ ᠢᠯᠵᠢᠷᠠᠵᠤ ᠪᠠᠢ᠌ᠭ᠎ᠠ ᠳᠤᠬᠠᠢ

ᠬᠤᠤᠠᠳᠤᠭ ᠤᠨ ᠣᠰᠤᠨ ᠤ ᠰᠢᠷᠭᠢᠵᠤ ᠪᠠᠢ᠌ᠭ᠎ᠠ ᠳᠤᠬᠠᠢ

ᠬᠤᠯᠤᠭᠠᠨ᠎ᠠ ᠠᠷᠪᠢᠤᠠᠴᠤ ᠮᠤᠤᠷ ᠪᠠᠭᠠᠳᠠᠵᠤ ᠪᠠᠢ᠌ᠭ᠎ᠠ ᠳᠤᠬᠠᠢ

ᠬᠤᠶᠠᠷ ᠭᠦᠯ ᠲᠡᠶ ᠴᠢᠨ᠋ᠸ᠎ᠠ ᠢᠮᠠᠭ᠎ᠠ ᠪᠠᠷᠢᠳᠠᠭ ᠤᠨ ᠳᠤᠬᠠᠢ᠁

ᠬᠤᠶᠠᠷ ᠪᠠᠳᠠᠭ ᠰᠢᠯᠦᠭ᠌ ᠪᠣᠯᠭᠠᠨ ᠪᠢᠴᠢᠭᠡᠳ

ᠬᠤᠵᠢᠮ ᠤᠨ ᠭᠦᠮᠦᠰ ᠲᠤ ᠣᠩᠰᠢᠭᠤᠯᠬᠤ ᠭᠡᠵᠤ

ᠬᠤᠷᠸ᠎ᠠ ᠳᠤ ᠪᠢ ᠠᠮᠢᠳᠤ ᠶᠠᠪᠣᠳᠠᠭ ᠶᠤᠮ ᠡ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤᠨ ᠤ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1480
ᠴᠠᠭ᠄ 2009 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁