ᠭᠦᠷᠢᠶ᠎ᠡ ᠭᠡᠦᠭᠡᠨ

ᠭᠦᠷᠢᠶ᠎ᠡ ᠨᠤᠳᠤᠭ ᠤᠨ ᠭᠡᠦᠭᠡᠨ ᠴᠢ

ᠭᠦᠳᠡᠷᠯᠢᠭ᠌ ᠭᠤᠶᠤᠬᠠᠨ ᠳᠦᠷᠤᠵᠠᠢ

ᠭᠦᠦᠴᠦᠦᠯ ᠪᠦᠭᠦᠨ ᠤ ᠰᠡᠳᠭᠢᠯ ᠢ ᠳᠠᠳᠠᠭᠠᠤᠨ

ᠭᠦᠭᠡᠷᠦᠭᠦᠢ ᠭᠠᠩᠭ᠋ᠠᠩ ᠶᠢᠡᠷ ᠱᠤᠭᠤᠴᠢᠬᠠᠵᠠᠢ

ᠬᠠᠢ᠌ᠷ᠎ᠠ ᠵᠢᠷᠮᠦᠰᠦᠯᠡᠭ᠍ᠰᠡᠨ ᠬᠠᠷᠠᠴᠠ ᠪᠠᠷ ᠵᠢᠠᠨ

ᠬᠠᠷᠠᠯ᠎ᠠ ᠰᠢᠤ ᠴᠢᠮ᠎ᠠ ᠪᠠᠨ

ᠬᠠᠢ᠌ᠷᠠᠳᠠᠢ ᠰᠢᠤ ᠭᠡᠰᠡᠨ ᠰᠡᠳᠭᠢᠯ ᠵᠢᠠᠨ

ᠪᠢᠴᠢᠯ᠎ᠠ ᠳ᠋ᠠ ᠴᠢᠮ᠎ᠠ ᠳ᠋ᠠᠭᠠᠨ

ᠬᠠᠷᠢᠭᠤ ᠦᠴᠢᠭ᠌ ᠢ ᠴᠢᠨᠢ ᠰᠤᠨᠤᠰᠬᠤ ᠪᠠᠷ

ᠬᠠᠢ᠌ᠯᠠᠵᠤ ᠣᠭᠢᠯᠠᠵᠤ ᠭᠦᠯᠢᠶᠡᠭ᠍ᠰᠡᠭᠡᠷ ᠰᠢᠤ

ᠪᠣᠳᠤᠯ ᠤᠨ ᠴᠡᠩᠭᠡᠷ ᠭᠦᠷᠦᠰᠤᠨ ᠳᠤ ᠮᠢᠨᠢ ᠴᠢ

ᠴᠡᠴᠡᠭ᠌ ᠨᠢ ᠪᠣᠯᠵᠤ ᠳᠡᠯᠭᠡᠷᠡᠭᠦ ᠳᠤ ᠪᠠᠨ

ᠪᠣᠰᠤᠳ ᠤᠨ ᠪᠢᠰᠢ ᠴᠢᠨᠤᠭᠢ ᠶᠤᠮ ᠭᠡᠳ ᠯᠠ

ᠵᠡᠭᠦᠳᠤ ᠶᠢ ᠮᠢᠨᠢ ᠡᠵᠡᠯᠡᠭ᠍ᠰᠡᠨ ᠪᠠᠢ᠌ᠨ᠎ᠠ

ᠴᠢᠮ᠎ᠠ ᠳᠤ ᠬᠠᠢ᠌ᠷᠠᠳᠠᠢ ᠨᠢᠭᠡ ᠰᠡᠳᠭᠢᠯ

ᠴᠠᠭ ᠤᠨ ᠣᠷᠤᠰᠬᠠᠯ ᠶᠢᠡᠷ ᠮᠥᠩᠭᠡᠷᠡᠵᠤ

ᠴᠠᠭ ᠲᠠᠭᠠᠨ ᠳᠤᠭᠢᠷᠠᠭᠰᠠᠨ ᠮᠢᠨᠤ ᠪᠣᠳᠤᠯ

ᠳᠡᠷᠳᠡᠭᠡ ᠵᠥᠭ᠌ ᠲᠤ ᠰᠤᠯᠤᠩᠭ᠋ᠠᠷᠠᠨ᠎ᠠ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2583
ᠴᠠᠭ᠄ 2011 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ