ᠪᠣᠷᠤᠭᠠᠨ

ᠪᠣᠷᠤᠭᠠᠨ ᠣᠷᠤᠪᠠ ᠦᠦ ᠭᠡᠵᠤ

ᠴᠢᠮᠡᠭᠡ ᠴᠢᠩᠨᠠᠪᠠᠯ

ᠪᠣᠴᠠᠵᠤ ᠠᠮᠵᠢᠭ᠎ᠠ ᠦᠭᠡᠶ ᠰᠢᠪᠠᠭᠤᠳ

ᠣᠭᠢᠯᠠᠵᠤ ᠭᠠᠩᠭ᠋ᠠᠨᠠᠬᠤ ᠨᠢ ᠰᠤᠨᠤᠰᠳᠠᠨ᠎ᠠ

ᠥᠷᠦᠭᠡᠰᠤᠨ ᠰᠠᠷᠠ

ᠦᠨᠦᠴᠢᠨ ᠭᠡᠪ ᠶᠢᠡᠷ ᠵᠢᠠᠨ

ᠳᠡᠭ᠍ᠷᠢ ᠳᠤᠳᠤᠭᠤᠨ ᠳ᠋ᠤ

ᠭᠡᠯᠳᠡᠷᠭᠡᠢ ᠡᠯᠭᠦᠭ᠍ᠳᠡᠨ᠎ᠡ

ᠦᠯᠦᠨ ᠰᠠᠯᠭᠢ

ᠥᠩᠭᠡᠪᠴᠢ ᠴᠢᠭ᠌ ᠶᠢᠡᠷ ᠵᠢᠠᠨ

ᠭᠠᠵᠠᠷ ᠤᠨ ᠠᠮᠠᠨ ᠡᠴᠠ

ᠭᠠᠰᠠᠯᠵᠤ ᠦᠯᠢᠶᠠᠨ᠎ᠡ

ᠵᠢᠪᠠᠷᠡᠭ᠍ᠰᠡᠨ ᠥᠵᠦᠭ᠌

ᠴᠡᠴᠡᠷᠡᠭ᠍ᠰᠡᠨ ᠲᠦᠯᠦᠪ ᠶᠢᠡᠷ ᠵᠢᠠᠨ

ᠨᠠᠪᠴᠢ ᠨᠠᠮᠠᠭᠠᠨ ᠤ ᠬᠤᠭᠤᠷᠤᠠᠳᠤ

ᠠᠮᠢ ᠳᠠᠮᠠᠴᠠᠨ᠎ᠡ

ᠵᠠᠪᠢᠯᠠᠭᠰᠠᠨ ᠡᠭᠦᠯᠡ

ᠰᠠ‍‌ᠶᠢ ᠯᠠ ᠰᠠᠷᠢᠵᠤ

ᠨᠢᠭᠦᠯ ᠶᠢᠡᠨ ᠨᠢᠭᠤᠬᠤ ᠭᠡᠵᠤ

ᠣᠷᠭᠤᠵᠤ ᠢᠷᠠᠨ᠎ᠡ᠃

ᠪᠣᠷᠤᠭᠠᠨ ᠵᠤᠭᠰᠤᠪᠠ ᠦᠦ ᠭᠡᠵᠤ

ᠳᠤᠭᠤᠨᠤ ᠪᠠᠷ ᠠᠵᠢᠪᠠᠯ

ᠪᠣᠳᠤᠯ ᠳ᠋ᠤ

ᠳᠡᠭ᠍ᠷᠢ ᠴᠡᠯᠮᠡᠭ᠍ᠰᠢᠭᠡ ᠦᠭᠡᠶ᠃


᠊᠊᠊᠊᠊᠊᠊᠊᠊᠊᠊᠊᠊᠊᠊ ᠮᠥᠭ᠍ᠳᠡᠨ ᠬᠤᠳᠠᠨ᠎ᠠ

2009-10-19

ᠵᠤᠬᠢᠶᠠᠭᠴᠢ ᠶᠢᠨ ᠬᠠᠶ‍ᠢᠭ᠄ ᠮᠥᠭ᠍ᠳᠡᠨ ᠬᠤᠳᠠ ᠶᠢᠨ ᠯᠢᠶᠤᠤᠨᠢᠩ ᠶᠡᠭᠡ ᠰᠤᠷᠭᠠᠭᠤᠯᠢ ᠶᠢᠨ ᠰᠢᠨ᠎ᠡ ᠳᠤᠭᠤᠷᠢᠭ ᠤᠨ ᠠᠵᠤ ᠠᠬᠤᠢ ᠶᠢᠨ ᠭᠦᠷᠢᠶᠡᠯᠡᠩ ᠤᠨ 09 ᠣᠨ ᠤ ᠠᠵᠤ ᠠᠬᠤᠢ ᠶᠢᠨ ᠰᠠᠯᠪᠣᠷᠢ

ᠵᠤᠬᠢᠶᠠᠭᠴᠢ᠄ ᠭᠤᠨᠢᠨᠤᠳ·ᠨᠠ᠊·ᠰᠥᠭᠡᠪᠠᠭᠡᠳᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1448
ᠴᠠᠭ᠄ 2009 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁