ᠮᠥᠷᠭᠦᠶ᠎ᠡ

ᠠᠷᠢᠭᠤᠨ ᠬᠠᠢ᠌ᠷ᠎ᠠ ᠪᠠᠨ ᠶᠡᠭᠦᠯᠡᠨ

ᠠᠷᠪᠠᠨ ᠰᠠᠷ᠎ᠠ ᠠᠴᠢᠵᠤ

ᠠᠩᠭᠢᠷ ᠣᠭᠤᠷᠠᠭ ᠶᠢᠡᠨ ᠰᠢᠮᠡᠭᠦᠯᠦᠭ᠍ᠰᠡᠨ

ᠠᠵᠠᠢ ᠪᠣᠭᠤᠷᠤᠯ ᠡᠵᠢ ᠳᠡᠭᠡᠨ ᠮᠥᠷᠭᠦᠶ᠎ᠡ᠃

ᠬᠤᠭᠤᠯᠠ ᠣᠮᠳᠠ ᠪᠠᠨ ᠣᠮᠠᠷᠳᠠᠨ

ᠬᠤᠷᠢᠨ ᠰᠠᠷ᠎ᠠ ᠬᠤᠷᠮᠣᠢ᠌ᠯᠠᠵᠤ

ᠬᠤᠪᠢ ᠪᠠᠶ᠎ᠠ ᠶᠢ ᠮᠢᠨᠢ ᠥᠰᠭᠡᠭ᠍ᠰᠡᠨ

ᠬᠤᠩᠭ᠋ᠤᠷ ᠡᠵᠢ ᠳᠡᠭᠡᠨ ᠮᠥᠷᠭᠦᠶ᠎ᠡ᠃

ᠰᠠᠯᠤᠭᠠᠤᠨ ᠮᠤᠷᠳᠠᠬᠤ ᠳᠤ

ᠰᠠᠢ᠌ᠬᠠᠨ ᠢᠷᠦᠭᠡᠯ ᠶᠢᠡᠷ ᠮᠢᠯᠢᠶᠠᠨ

ᠰᠠᠴᠤᠯ ᠶᠢᠡᠨ ᠡᠷᠭᠦᠭᠡᠤᠨ ᠬᠤᠴᠤᠷᠳᠠᠭ

ᠰᠠᠮᠠᠭᠠᠨ ᠪᠣᠭᠤᠷᠤᠯ ᠡᠵᠢ ᠳᠡᠭᠡᠨ ᠮᠥᠷᠭᠦᠶ᠎ᠡ᠃

ᠪᠦᠮᠪᠦᠷᠴᠡᠭ᠌ ᠳᠡᠯᠡᠭᠡᠢ ᠶᠢᠨ

ᠪᠦᠳᠤᠨ ᠳᠤᠯᠭᠠᠭᠤᠷᠢ ᠪᠦᠭᠡᠷᠡᠩᠭᠡᠢ ᠭᠡᠷ ᠤᠨ ᠬᠠᠭᠠᠨ

ᠪᠣᠷᠬᠠᠨ ᠠᠪᠣ ᠳᠠᠭᠠᠨ ᠮᠥᠷᠭᠦᠶ᠎ᠡ᠃

ᠡᠷᠭᠡ ᠶᠢ ᠰᠤᠷᠬᠤ ᠪᠠᠷ ᠪᠠᠷᠭᠡ ᠶᠢ ᠰᠤᠷ ᠭᠡᠵᠤ

ᠡᠭᠡᠯ ᠬᠠᠳᠠᠭᠤ ᠰᠤᠷᠭᠠᠯ ᠶᠢᠡᠨ ᠬᠠᠢ᠌ᠷᠠᠯᠠᠭᠰᠠᠨ

ᠡᠷ᠎ᠡ ᠭᠦᠮᠤᠨ ᠤ ᠳᠡᠭ᠍ᠷᠢ

ᠡᠯᠪᠠᠷᠢᠯᠳᠤ ᠠᠪᠣ ᠳᠠᠭᠠᠨ ᠮᠥᠷᠭᠦᠶ᠎ᠡ᠃

ᠬᠤᠷᠸ᠎ᠠ ᠶᠢᠨ ᠮᠠᠨᠠᠨ ᠳᠤ ᠳᠦᠭᠡᠷᠡᠭᠦ ᠪᠠᠷ

ᠬᠤᠷ᠎ᠠ ᠶᠢᠨ ᠳᠠᠷᠠᠭᠠᠭᠢ ᠨᠠᠷᠠ ᠰᠢᠭ

ᠬᠤᠶᠠᠷᠬᠠᠨ ᠥᠭᠡ ᠪᠠᠷ ᠶᠢᠡᠨ ᠭᠡᠢ᠌ᠭᠦᠯᠦᠭ᠍ᠰᠡᠨ

ᠬᠤᠷᠴᠠ ᠮᠡᠷᠭᠡᠨ ᠠᠪᠣ ᠳᠠᠭᠠᠨ ᠮᠥᠷᠭᠦᠶ᠎ᠡ᠃

ᠡᠭᠡᠰᠢᠭ᠌ ᠪᠦᠳᠤᠨ ᠠᠶᠠᠯᠠᠭᠤ ᠲᠡᠶ

ᠡᠷᠳᠡᠮ ᠤᠨ ᠳᠦᠯᠭᠢᠭᠦᠷ ᠠᠤᠠᠬᠤᠭᠤᠯᠤᠭᠰᠠᠨ

ᠡᠭᠡ ᠭᠡᠯᠡᠨ ᠤ ᠳᠠᠷᠬᠠᠨ

ᠡᠨᠡᠷᠢᠯᠳᠤ ᠪᠠᠭᠰᠢ ᠳᠠᠭᠠᠨ ᠮᠥᠷᠭᠦᠶ᠎ᠡ᠃

ᠥᠷᠦᠭᠡᠯ ᠤᠨ ᠬᠣᠢ᠌ᠨ᠎ᠠ ᠡᠴᠡ

ᠦᠷᠦ ᠪᠠᠨ ᠬᠤᠭᠤᠰᠤᠯᠠᠨ ᠪᠠᠢ᠌ᠵᠤ

ᠦᠷ ᠤᠨ ᠭᠡᠭᠡ ᠶᠢ ᠣᠭᠳᠤᠨ ᠵᠢᠷᠭᠠᠳᠠᠭ

ᠥᠷᠯᠦᠭ᠌ ᠪᠠᠭᠰᠢ ᠳᠠᠭᠠᠨ ᠮᠥᠷᠭᠦᠶ᠎ᠡ᠃

ᠮᠥᠩᠭᠡ ᠭᠡᠯᠡᠨ ᠤ ᠪᠠᠶᠠᠨ ᠶᠢᠡᠷ

ᠮᠤᠷᠢᠳᠠᠨ ᠣᠭᠰᠠᠭᠠᠨ ᠤ ᠳᠡᠦᠭᠡ ᠪᠠᠨ

ᠮᠤᠯᠤᠷ ᠡᠷᠭᠡ ᠰᠢᠭ᠌ ᠳᠤᠯᠠᠭᠠᠨ ᠳᠠᠨᠢᠭᠤᠯᠤᠭᠰᠠᠨ

ᠮᠤᠩᠭ᠋ᠤᠯ ᠪᠠᠭᠰᠢ ᠳᠠᠭᠠᠨ ᠮᠥᠷᠭᠦᠶ᠎ᠡ᠃

ᠮᠥᠷᠭᠦᠨ ᠮᠥᠷᠭᠦᠨ ᠮᠥᠷᠭᠦᠶ᠎ᠡ

ᠮᠥᠩᠭᠡ ᠳᠡᠭ᠍ᠷᠢ ᠳᠡᠭᠡᠨ ᠮᠥᠷᠭᠦᠶ᠎ᠡ

ᠮᠥᠷᠭᠦᠨ ᠮᠥᠷᠭᠦᠨ ᠮᠥᠷᠭᠦᠶ᠎ᠡ

ᠮᠤᠩᠭ᠋ᠤᠯ ᠶᠤᠰᠤ ᠪᠠᠷ ᠶᠢᠡᠨ ᠮᠥᠷᠭᠦᠶ᠎ᠡ︕

ᠵᠤᠬᠢᠶᠠᠭᠴᠢ᠄ ᠰᠠ᠊·ᠮᠥᠩᠭᠡ‍ᠨᠠᠷᠠᠨ
ᠬᠠᠷᠢᠶ᠎ᠠ᠄ ᠰᠢᠯᠦᠭ
ᠳᠠᠷᠤᠮ᠄ 2473
ᠴᠠᠭ᠄ 2006 ᠤᠨ ᠤ 10 ᠰᠠᠷ᠎ᠠ ᠶᠢᠨ 06